1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠬᠣᠷᠢᠨ ᠳᠥᠷᠪᠡ
 ᠠᠷᠢᠭᠤᠨ ᠣᠷᠣᠰᠢᠬᠤᠢ ᠳᠤ ᠣᠷᠣᠬᠤ
 ᠳ᠋ᠠᠸᠢᠳ᠋ ᠤᠨ ᠳᠠᠭᠤᠯᠠᠯ᠃

1 ᠭᠠᠵᠠᠷ ᠪᠣᠯᠣᠨ ᠲᠡᠭᠦᠨ ᠢ ᠳᠦᠭᠦᠷᠭᠡᠳᠡᠭ ᠪᠦᠬᠦᠨ ᠳᠡᠯᠡᠬᠡᠢ ᠬᠢᠭᠡᠳ ᠲᠡᠭᠦᠨ ᠳᠡᠭᠡᠷ᠎ᠡ ᠰᠠᠭᠤᠭᠴᠢᠳ ᠪᠦᠭᠦᠳᠡ ᠶᠣᠬᠣᠸᠠ ᠶᠢᠨ ᠬᠢ᠂
2 ᠭᠠᠵᠠᠷ ᠤᠨ ᠰᠠᠭᠤᠷᠢ ᠶᠢ ᠳᠠᠯᠠᠢ ᠳᠡᠭᠡᠷ᠎ᠡ ᠲᠠᠯᠪᠢᠵᠤ ᠳᠡᠯᠡᠬᠡᠢ ᠶᠢ ᠤᠷᠤᠰᠬᠠᠯ ᠳᠡᠭᠡᠷ᠎ᠡ ᠪᠠᠢᠭᠤᠯᠤᠭᠰᠠᠨ ᠨᠢ ᠲᠡᠷᠡ
3 ᠶᠣᠬᠣᠸᠠ ᠶᠢᠨ ᠠᠭᠤᠯᠠ ᠥᠭᠡᠳᠡ ᠬᠡᠨ ᠭᠠᠷᠴᠤ ᠪᠣᠯᠬᠤ ᠪᠤᠢ︖ ᠠᠷᠢᠭᠤᠨ ᠭᠠᠵᠠᠷ ᠲᠤ ᠬᠡᠨ ᠵᠣᠭᠰᠣᠵᠤ ᠪᠣᠯᠬᠤ ᠪᠤᠢ︖
4 ᠴᠡᠪᠡᠷ ᠭᠠᠷ ᠲᠠᠢ᠂ ᠠᠷᠢᠭᠤᠨ ᠵᠢᠷᠦᠬᠡ ᠲᠠᠢ ᠬᠣᠭᠣᠰᠣᠨ ᠳᠤ ᠰᠡᠳᠬᠢᠯ ᠢᠶᠠᠨ ᠡᠷᠭᠦᠭᠡ ᠦᠭᠡᠢ ᠬᠤᠳᠠᠯ ᠲᠠᠩ᠋ᠭᠠᠷᠢᠭ ᠲᠠᠯᠪᠢᠳᠠᠭ ᠦᠭᠡᠢ ᠬᠥᠮᠦᠨ ᠠᠵᠢ᠃
5 ᠲᠡᠷᠡ ᠶᠣᠬᠣᠸᠠ ᠠᠴᠠ ᠢᠷᠥᠭᠡᠯ ᠢ ᠠᠪᠤᠷᠠᠯ ᠤᠨ ᠢᠶᠠᠨ ᠪᠤᠷᠬᠠᠨ ᠠᠴᠠ ᠵᠥᠪᠲᠥᠭᠡᠯ ᠢ ᠬᠦᠷᠲᠡᠨ᠎ᠡ᠃
6 ᠲᠡᠷᠡ ᠪᠦᠯᠦᠭ ᠬᠥᠮᠦᠰ ᠪᠣᠯ ᠶᠣᠬᠣᠸᠠ ᠤᠷᠤᠭᠤ ᠬᠠᠨᠳᠤᠭᠴᠢᠳ ᠶᠠᠺᠣᠪ ᠤᠨ ᠪᠤᠷᠬᠠᠨ ᠤ ᠴᠢᠷᠠᠢ ᠶᠢ ᠬᠠᠢᠭᠴᠢᠳ ᠶᠤᠮ᠃
 
ᠰᠧᠯᠠ


7 ᠬᠠᠭᠠᠯᠭ᠎ᠠ ᠨᠤᠭᠤᠳ ᠡ᠂ ᠲᠣᠯᠣᠭᠠᠢ ᠪᠠᠨ ᠡᠷᠭᠦ ᠥᠨᠢᠳᠡ ᠶᠢᠨ ᠬᠠᠭᠠᠯᠭ᠎ᠠ ᠨᠤᠭᠤᠳ ᠡ᠂ ᠡᠷᠭᠦᠭᠳᠡᠭᠲᠦᠨ ᠰᠦᠷ ᠵᠢᠪᠬᠤᠯᠠᠩᠲᠤ ᠬᠠᠭᠠᠨ ᠣᠷᠣᠭ᠃
8 ᠵᠢᠪᠬᠤᠯᠠᠩᠲᠤ ᠡᠨᠡ ᠬᠠᠭᠠᠨ ᠬᠡᠨ ᠪᠤᠢ︖ ᠬᠦᠴᠦᠲᠡᠢ᠂ ᠴᠢᠳᠠᠯ ᠲᠠᠢ ᠶᠣᠬᠣᠸᠠ ᠲᠤᠯᠤᠯᠳᠤᠭᠠᠨ ᠳᠤ ᠴᠢᠳᠠᠯ ᠲᠠᠢ ᠶᠣᠬᠣᠸᠠ ᠪᠤᠢ ᠢ᠎ᠠ᠃
9 ᠬᠠᠭᠠᠯᠭ᠎ᠠ ᠨᠤᠭᠤᠳ ᠡ᠂ ᠲᠣᠯᠣᠭᠠᠢ ᠪᠠᠨ ᠡᠷᠭᠦ ᠥᠨᠢᠳᠡ ᠶᠢᠨ ᠬᠠᠭᠠᠯᠭ᠎ᠠ ᠨᠤᠭᠤᠳ ᠡ᠂ ᠡᠷᠭᠦᠭᠲᠦᠨ ᠰᠦᠷ ᠵᠢᠪᠬᠤᠯᠠᠩᠲᠤ ᠬᠠᠭᠠᠨ ᠣᠷᠣᠭ᠃
10 ᠵᠢᠪᠬᠤᠯᠠᠩᠲᠤ ᠡᠨᠡ ᠬᠠᠭᠠᠨ ᠬᠡᠨ ᠪᠤᠢ︖ ᠠᠤᠭ᠎ᠠ ᠬᠦᠴᠦᠲᠦ ᠶᠣᠬᠣᠸᠠ᠂ ᠲᠡᠷᠡ ᠪᠣᠯ ᠵᠢᠪᠬᠤᠯᠠᠩᠲᠤ ᠬᠠᠭᠠᠨ ᠪᠤᠢ ᠢ᠎ᠠ᠃
 
ᠰᠧᠯᠠ