1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠠᠭᠤ ᠠᠷᠪᠠᠨ ᠭᠤᠷᠪᠠ
 ᠡᠨᠡᠷᠢᠩᠭᠦᠢ᠂ ᠠᠯᠳᠠᠷ ᠰᠤᠤᠲᠤ ᠪᠤᠷᠬᠠᠨ
1 ᠶᠣᠬᠣᠸᠠ ᠶᠢ ᠮᠠᠭᠲᠠᠭᠲᠤᠨ᠂ ᠶᠣᠬᠣᠸᠠ ᠶᠢᠨ ᠵᠠᠷᠤᠴᠠ ᠨᠠᠷ ᠡ᠂ ᠮᠠᠭᠲᠠᠭᠲᠤᠨ ᠶᠣᠬᠣᠸᠠ ᠶᠢᠨ ᠨᠡᠷ᠎ᠡ ᠶᠢ ᠮᠠᠭᠲᠠᠭᠲᠤᠨ᠃
2 ᠡᠳᠦᠭᠡ ᠡᠴᠡ ᠥᠨᠢ ᠮᠥᠩᠬᠡᠳᠡ ᠶᠣᠬᠣᠸᠠ ᠶᠢᠨ ᠨᠡᠷ᠎ᠡ ᠳᠡᠭᠡᠳᠦᠯᠡᠭᠳᠡᠬᠦ ᠪᠣᠯᠲᠤᠭᠠᠢ᠃
3 ᠨᠠᠷᠠ ᠮᠠᠨᠳᠤᠬᠤ ᠠᠴᠠ ᠵᠢᠷᠭᠠᠬᠤ ᠬᠦᠷᠲᠡᠯ᠎ᠡ ᠶᠣᠬᠣᠸᠠ ᠶᠢᠨ ᠨᠡᠷ᠎ᠡ ᠳᠡᠭᠡᠳᠦᠯᠡᠭᠳᠡᠬᠦ ᠪᠣᠯᠲᠤᠭᠠᠢ᠃
4 ᠶᠣᠬᠣᠸᠠ ᠪᠦᠬᠦ ᠦᠨᠳᠦᠰᠦᠲᠡᠨ ᠦ ᠳᠡᠭᠡᠭᠦᠷ ᠠᠯᠳᠠᠷ ᠨᠢ ᠲᠩᠷᠢ ᠶᠢᠨ ᠳᠡᠭᠡᠭᠦᠷ ᠡᠷᠭᠦᠮᠵᠢᠯᠡᠭᠳᠡᠭᠰᠡᠨ ᠪᠠᠢᠳᠠᠭ᠃
5 ᠬᠡᠨ ᠨᠢ ᠪᠢᠳᠡᠨ ᠦ ᠪᠤᠷᠬᠠᠨ ᠶᠣᠬᠣᠸᠠ ᠲᠠᠢ ᠠᠳᠠᠯᠢ ᠥᠨᠳᠥᠷ ᠲᠦ ᠵᠠᠯᠠᠷᠠᠭᠰᠠᠨ ᠪᠠᠢᠵᠤ
6 ᠲᠩᠷᠢ ᠭᠠᠵᠠᠷ ᠢ ᠥᠩᠭᠡᠶᠢᠨ ᠦᠵᠡᠳᠡᠭ ᠪᠤᠢ︖
7 ᠲᠡᠷᠡ ᠪᠣᠯ ᠶᠠᠳᠠᠭᠤᠰ ᠢ ᠰᠢᠷᠣᠢ ᠠᠴᠠ ᠡᠷᠭᠦᠨ ᠭᠠᠴᠢᠭᠳᠠᠭᠰᠠᠳ ᠢ ᠬᠣᠭ ᠤᠨ ᠣᠪᠣᠭᠠᠨ ᠠᠴᠠ ᠥᠨᠳᠡᠢᠯᠭᠡᠭᠴᠢ᠂
8 ᠲᠡᠳᠡᠨ ᠢ ᠨᠣᠶᠠᠳ ᠲᠠᠢ ᠬᠠᠮᠲᠤ ᠠᠷᠠᠳ ᠲᠦᠮᠡᠨ ᠦ ᠪᠠᠨ ᠨᠣᠶᠠᠳ ᠲᠠᠢ ᠬᠠᠮᠲᠤ ᠰᠠᠭᠤᠯᠭᠠᠭᠴᠢ᠂
9 ᠬᠡᠭᠦᠰᠡᠷ ᠡᠮᠡᠭᠲᠡᠢ ᠶᠢ ᠬᠡᠦᠬᠡᠳ ᠲᠡᠢ ᠪᠡᠨ ᠪᠠᠶᠠᠷᠯᠠᠳᠠᠭ ᠡᠬᠡ ᠪᠣᠯᠭᠠᠨ ᠭᠡᠷ ᠲᠤᠨᠢ ᠰᠠᠭᠤᠯᠭᠠᠭᠴᠢ ᠶᠤᠮ᠂ ᠡᠵᠡᠨ ᠢ ᠮᠠᠭᠲᠠᠭᠲᠤᠨ︕