1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠲᠠᠪᠢᠨ ᠳᠥᠷᠪᠡ
 ᠳᠠᠢᠰᠤᠨ ᠠᠴᠠ ᠬᠠᠮᠠᠭᠠᠯᠠᠭᠴᠢ
 ᠳ᠋ᠠᠸᠢᠳ᠋ ᠤᠨ ᠰᠤᠷᠭᠠᠯᠲᠤ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃ ᠤᠲᠠᠰᠤᠲᠤ ᠬᠥᠭᠵᠢᠮ ᠳᠡᠭᠡᠷ᠎ᠡ᠃ ᠽᠢᠹᠴᠦᠳ ᠰᠠᠦ᠋ᠯ ᠳᠤ ᠣᠴᠢᠵᠤ᠄ 《ᠳ᠋ᠠᠸᠢᠳ᠋ ᠮᠠᠨ ᠤ ᠲᠡᠨᠳᠡ ᠨᠢᠭᠤᠭᠳᠠᠭᠰᠠᠨ ᠪᠢᠰᠢ ᠤᠤ︖》 ᠭᠡᠰᠡᠨ ᠦᠶ᠎ᠡ ᠳᠦ᠃

1 ᠪᠤᠷᠬᠠᠨ᠂ ᠥᠪᠡᠷ ᠦᠨ ᠢᠶᠠᠨ ᠨᠡᠷ᠎ᠡ ᠪᠡᠷ ᠨᠠᠮᠠᠶᠢ ᠠᠪᠤᠷᠠᠵᠤ ᠥᠪᠡᠷ ᠦᠨ ᠢᠶᠠᠨ ᠴᠢᠳᠠᠯ ᠢᠶᠠᠷ ᠨᠠᠮᠠᠶᠢ ᠴᠠᠭᠠᠳᠬᠠᠭᠠᠴᠢ᠂
2 ᠪᠤᠷᠬᠠᠨ᠂ ᠭᠤᠶᠤᠯᠲᠠ ᠶᠢ ᠮᠢᠨᠢ ᠰᠣᠨᠣᠰᠣᠭᠠᠴᠢ ᠠᠮᠠᠨ ᠤ ᠮᠢᠨᠢ ᠦᠭᠡᠨ ᠳᠦ ᠴᠢᠬᠢ ᠲᠠᠯᠪᠢᠭᠠᠴᠢ᠃
3 ᠤᠴᠢᠷ ᠨᠢ ᠬᠠᠷᠢ ᠬᠥᠮᠦᠰ ᠮᠢᠨᠦ ᠡᠰᠡᠷᠭᠦ ᠪᠣᠰᠣᠯ᠎ᠠ᠂ ᠪᠤᠷᠬᠠᠨ ᠢ ᠡᠮᠦᠨ᠎ᠡ ᠪᠡᠨ ᠲᠠᠯᠪᠢᠳᠠᠭ ᠦᠭᠡᠢ ᠪᠠᠯᠠᠮᠠᠳ ᠬᠥᠮᠦᠰ ᠠᠮᠢ ᠶᠢ ᠮᠢᠨᠢ ᠬᠠᠢᠵᠤ ᠪᠠᠢᠨ᠎ᠠ᠃
 
ᠰᠧᠯᠠ


4 ᠬᠠᠷᠠ᠂ ᠨᠠᠳᠠ ᠳᠤ ᠲᠤᠰᠠᠯᠠᠭᠴᠢ ᠪᠤᠷᠬᠠᠨ ᠠᠮᠢ ᠶᠢ ᠮᠢᠨᠢ ᠲᠦᠰᠢᠭ᠍ᠴᠢ ᠡᠵᠡᠨ᠂
5 ᠥᠰᠲᠡᠨ ᠨᠦᠭᠦᠳ ᠲᠦ ᠮᠢᠨᠢ ᠬᠣᠷᠣᠨ ᠮᠠᠭᠤ ᠶᠢ ᠨᠢ ᠡᠷᠭᠢᠭᠦᠯᠦᠨ᠎ᠡ ᠦᠨᠡᠨ ᠰᠢᠳᠤᠷᠭᠤ ᠪᠠᠷ ᠢᠶᠠᠨ ᠲᠡᠳᠡᠨ ᠢ ᠡᠴᠦᠰᠯᠡᠭᠦᠯᠦᠨ᠎ᠡ᠃

6 ᠪᠢ ᠰᠠᠢᠨ ᠳᠤᠷ᠎ᠠ ᠶᠢᠨ ᠲᠠᠬᠢᠯ ᠢ ᠲᠠᠨ ᠳᠤ ᠡᠷᠭᠦᠨ᠎ᠡ᠂ ᠶᠣᠬᠣᠸᠠ᠂ ᠪᠢ ᠲᠠᠨ ᠤ ᠨᠡᠷ᠎ᠡ ᠶᠢ ᠮᠠᠭᠲᠠᠨ᠎ᠠ ᠤᠴᠢᠷ ᠨᠢ ᠲᠠᠨ ᠤ ᠨᠡᠷ᠎ᠡ ᠰᠠᠢᠨ᠂
7 ᠲᠡᠷᠡ ᠨᠠᠮᠠᠶᠢ ᠪᠦᠬᠦ ᠵᠣᠪᠠᠯᠠᠩ ᠠᠴᠠ ᠠᠪᠤᠷᠠᠭᠰᠠᠨ ᠪᠥᠭᠡᠳ ᠪᠢ ᠳᠠᠢᠰᠤᠨ ᠨᠤᠭᠤᠳ ᠢᠶᠠᠨ ᠨᠢᠳᠦ ᠪᠡᠷ ᠢᠶᠠᠨ ᠬᠠᠷᠠᠭᠰᠠᠨ᠃