ᠳᠠᠭᠤᠯᠠᠯ ᠵᠠᠭᠤ ᠠᠷᠪᠠ
ᠲᠠᠬᠢᠯᠴᠢ ᠬᠠᠭᠠᠨ ᠤ ᠮᠥᠩᠬᠡ ᠶᠢᠨ ᠨᠣᠶᠠᠷᠬᠠᠯ
ᠳ᠋ᠠᠸᠢᠳ᠋ ᠤᠨ ᠳᠠᠭᠤᠯᠠᠯ᠃
1 ᠶᠣᠬᠣᠸᠠ ᠮᠢᠨᠦ ᠡᠵᠡᠨ ᠳᠦ 《ᠪᠢ ᠴᠢᠨᠦ ᠳᠠᠢᠰᠤᠨ ᠨᠤᠭᠤᠳ ᠢ ᠬᠥᠯ ᠦᠨ ᠴᠢᠨᠢ ᠭᠢᠰᠬᠢᠭᠦᠷ ᠪᠣᠯᠭᠠᠬᠤ ᠬᠦᠷᠲᠡᠯ᠎ᠡ ᠴᠢ ᠮᠢᠨᠦ ᠪᠠᠷᠠᠭᠤᠨ ᠲᠠᠯ᠎ᠠ ᠳᠤ ᠰᠠᠭᠤᠵᠤ ᠪᠠᠢ》 ᠭᠡᠪᠡ᠃
2 ᠶᠣᠬᠣᠸᠠ ᠬᠦᠴᠦ ᠶᠢᠨ ᠢᠶᠠᠨ ᠲᠠᠶᠠᠭ ᠢ ᠽᠢᠶᠣᠨ ᠠᠴᠠ ᠰᠤᠩ᠋ᠭᠠᠨᠠ᠂ ᠲᠠ ᠳᠠᠢᠰᠤᠨ ᠨᠤᠭᠤᠳ ᠤᠨ ᠢᠶᠠᠨ ᠳᠤᠮᠳᠠ ᠵᠠᠬᠢᠷᠤᠭᠠᠴᠢ᠃
3 ᠰᠦᠷ ᠬᠦᠴᠦᠨ 24 ᠤ ᠲᠠᠨᠢ ᠡᠳᠦᠷ ᠲᠠᠨ ᠤ ᠠᠷᠠᠳ ᠲᠦᠮᠡᠨ ᠠᠷᠢᠭᠤᠨ ᠬᠤᠪᠴᠠᠰᠤ ᠲᠠᠢ ᠪᠠᠷ 25 ᠥᠪᠡᠷᠰᠡᠳ ᠢ ᠪᠠᠨ ᠵᠣᠷᠢᠭᠤᠯᠤᠨ᠎ᠠ ᠦᠷ ᠦᠨ ᠰᠢᠭᠦᠳᠡᠷᠢ ᠮᠡᠲᠦ ᠵᠠᠯᠠᠭᠤᠴᠤᠳ ᠲᠠᠨ ᠲᠠᠢ ᠨᠢᠭᠡᠳᠦᠨ᠎ᠡ᠃
4 ᠶᠣᠬᠣᠸᠠ ᠲᠠᠩ᠋ᠭᠠᠷᠢᠭᠯᠠᠭᠰᠠᠨ ᠰᠠᠨᠠᠭ᠎ᠠ ᠪᠠᠨ ᠥᠭᠡᠷᠡᠴᠢᠯᠡᠬᠦ ᠦᠭᠡᠢ᠂ ᠲᠡᠷᠡ 《ᠴᠢ ᠪᠣᠯ ᠮᠧᠯᠬᠢᠽᠧᠳᠧᠺ ᠤᠨ ᠶᠣᠰᠣ ᠶᠢ ᠳᠠᠭᠠᠳᠠᠭ ᠮᠥᠩᠬᠡ ᠶᠢᠨ ᠲᠠᠬᠢᠯᠴᠢ》 ᠭᠡᠰᠡᠨ᠃
5 ᠲᠠᠨ ᠤ ᠪᠠᠷᠠᠭᠤᠨ ᠲᠠᠯ᠎ᠠ ᠳᠤ ᠪᠤᠢ ᠡᠵᠡᠨ ᠬᠢᠯᠢᠩ ᠤᠨ ᠢᠶᠠᠨ ᠡᠳᠦᠷ ᠬᠠᠭᠠᠳ ᠢ ᠪᠤᠲᠠ ᠴᠣᠬᠢᠨ᠎ᠠ᠂
6 ᠦᠨᠳᠦᠰᠦᠲᠡᠨ ᠨᠦᠭᠦᠳ ᠢ ᠰᠢᠭᠦᠬᠦ ᠳᠡᠭᠡᠨ ᠬᠡᠭᠦᠷ ᠢ ᠣᠪᠣᠭᠠᠯᠠᠨ ᠣᠯᠠᠨ ᠭᠦᠷᠦᠨ ᠦ ᠲᠡᠷᠢᠭᠦᠨ ᠨᠦᠭᠦᠳ ᠢ ᠪᠤᠲᠠ ᠴᠣᠬᠢᠵᠤ
7 ᠵᠠᠮ ᠳᠠᠬᠢ ᠭᠣᠷᠣᠬᠠᠨ ᠠᠴᠠ ᠤᠮᠳᠠᠯᠠᠨ᠎ᠠ ᠢᠩᠭᠢᠭᠡᠳ ᠲᠡᠷᠡ ᠲᠡᠷᠢᠭᠦᠨ ᠢᠶᠡᠨ ᠡᠷᠭᠦᠬᠦ ᠪᠣᠯᠣᠨ᠎ᠠ᠃