1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠠᠭᠤ ᠭᠤᠴᠢᠨ ᠲᠠᠪᠤ
 ᠠᠮᠢᠳᠤ ᠪᠤᠷᠬᠠᠨ ᠳᠤ ᠮᠥᠷᠭᠥ
1 ᠶᠣᠬᠣᠸᠠ ᠶᠢ ᠮᠠᠭᠲᠠᠭᠲᠤᠨ︕ ᠶᠣᠬᠣᠸᠠ ᠶᠢᠨ ᠨᠡᠷ᠎ᠡ ᠶᠢ ᠮᠠᠭᠲᠠᠭᠲᠤᠨ᠂ ᠶᠣᠬᠣᠸᠠ ᠶᠢᠨ ᠵᠠᠷᠤᠴᠠ ᠨᠠᠷ ᠡ᠃ ᠮᠠᠭᠲᠠᠭᠲᠤᠨ᠂
2 ᠶᠣᠬᠣᠸᠠ ᠶᠢᠨ ᠥᠷᠭᠥᠭᠡᠨ ᠳᠦ ᠪᠢᠳᠡᠨ ᠦ ᠪᠤᠷᠬᠠᠨ ᠤ ᠥᠷᠭᠥᠭᠡᠨ ᠦ ᠬᠦᠷᠢᠶᠡᠨ ᠳᠦ ᠵᠣᠭᠰᠣᠭᠴᠢᠳ ᠡ᠂
3 ᠶᠣᠬᠣᠸᠠ ᠰᠠᠢᠨ᠂ ᠶᠣᠬᠣᠸᠠ ᠶᠢ ᠮᠠᠭᠲᠠᠭᠲᠤᠨ᠂ ᠲᠡᠭᠦᠨ ᠦ ᠨᠡᠷ᠎ᠡ ᠰᠠᠢᠬᠠᠨ᠂ ᠲᠡᠭᠦᠨ ᠳᠦ ᠮᠠᠭᠲᠠᠭᠠᠯ ᠡᠷᠭᠦ᠂
4 ᠤᠴᠢᠷ ᠨᠢ ᠶᠣᠬᠣᠸᠠ ᠶᠠᠺᠣᠪ ᠢ ᠥᠪᠡᠷ ᠦᠨ ᠬᠢ ᠪᠠᠨ ᠪᠣᠯᠭᠠᠨ ᠢᠰᠷᠧᠯ ᠢ ᠥᠪᠡᠷ ᠦᠨ ᠢᠶᠠᠨ ᠥᠮᠴᠢ ᠪᠣᠯᠭᠠᠨ ᠰᠣᠩ᠋ᠭᠣᠭᠰᠠᠨ᠂

5 ᠶᠣᠬᠣᠸᠠ ᠠᠭᠤᠤ ᠭᠡᠳᠡᠭ ᠢ ᠪᠢᠳᠡᠨ ᠦ ᠡᠵᠡᠨ ᠪᠦᠬᠦ ᠪᠤᠷᠬᠠᠳ ᠠᠴᠠ ᠠᠭᠤᠤ ᠭᠡᠳᠡᠭ ᠢ ᠪᠢ ᠮᠡᠳᠡᠨ᠎ᠡ᠂
6 ᠶᠣᠬᠣᠸᠠ ᠲᠠᠭᠠᠯᠠᠳᠠᠭ ᠪᠦᠬᠦᠨ ᠢᠶᠡᠨ ᠲᠩᠷᠢ ᠬᠢᠭᠡᠳ ᠭᠠᠵᠠᠷ ᠲᠤ᠂ ᠳᠠᠯᠠᠢ ᠬᠢᠭᠡᠳ ᠭᠦᠨ ᠭᠠᠵᠠᠷ ᠪᠦᠬᠦᠨ ᠳᠦ ᠦᠢᠯᠡᠳᠳᠡᠭ᠂
7 ᠲᠡᠷᠡ ᠳᠡᠯᠡᠬᠡᠢ ᠶᠢᠨ ᠬᠢᠵᠠᠭᠠᠷ ᠠᠴᠠ ᠡᠭᠦᠯᠡ ᠶᠢ ᠬᠥᠭᠡᠷᠦᠭᠦᠯᠵᠦ ᠠᠶᠤᠩ᠋ᠭ᠎ᠠ ᠴᠠᠬᠢᠯᠭᠠᠨ ᠢ ᠪᠣᠷᠣᠭᠠᠨ ᠲᠠᠢ ᠬᠠᠮᠲᠤ ᠪᠦᠲᠦᠭᠡᠨ ᠰᠠᠯᠬᠢ ᠶᠢ ᠬᠥᠮᠥᠷᠭᠡ ᠡᠴᠡ ᠪᠡᠨ ᠭᠠᠷᠭᠠᠵᠤ ᠪᠠᠢᠨ᠎ᠠ᠂

8 ᠲᠡᠷᠡ ᠶᠧᠵᠢᠫᠲ ᠤᠨ ᠤᠤᠭᠠᠨ ᠨᠤᠭᠤᠳ ᠢ ᠬᠥᠮᠦᠨ ᠠᠮᠢᠲᠠᠨ ᠢᠯᠭᠠᠯ ᠦᠭᠡᠢ ᠴᠣᠬᠢᠭᠰᠠᠨ᠂
9 ᠶᠧᠵᠢᠫᠲ ᠡ᠂ ᠶᠣᠬᠣᠸᠠ ᠲᠡᠮᠳᠡᠭ ᠪᠠ ᠭᠠᠢᠬᠠᠮᠰᠢᠭ ᠤᠳ ᠢ ᠴᠢᠨᠦ ᠳᠣᠲᠣᠷ᠎ᠠ ᠹᠠᠷᠠᠣ᠋ ᠪᠣᠯᠣᠨ ᠲᠡᠭᠦᠨ ᠦ ᠪᠦᠬᠦ ᠵᠠᠷᠤᠴᠠ ᠶᠢᠨ ᠳᠡᠭᠡᠷ᠎ᠡ ᠶᠠᠪᠤᠭᠤᠯᠤᠭᠰᠠᠨ ᠶᠤᠮ᠂
10 ᠲᠡᠷᠡ ᠣᠯᠠᠨ ᠦᠨᠳᠦᠰᠦᠲᠡᠨ ᠢ ᠴᠣᠬᠢᠵᠤ ᠬᠦᠴᠦᠲᠦ ᠬᠠᠭᠠᠳ ᠢ᠂
11 ᠠᠮᠣᠷᠢᠴᠤᠳ ᠤᠨ ᠬᠠᠭᠠᠨ ᠰᠢᠬᠣᠨ ᠪᠠᠱᠠᠨ ᠤ ᠬᠠᠭᠠᠨ ᠣᠭ ᠪᠣᠯᠣᠨ ᠺᠠᠨᠠᠨ ᠤ ᠪᠦᠬᠦ ᠬᠠᠭᠠᠨᠴᠢᠯᠠᠯ ᠢ ᠰᠥᠨᠥᠭᠡᠨ᠂
12 ᠣᠷᠣᠨ ᠨᠤᠲᠤᠭ ᠢ ᠨᠢ ᠥᠪ ᠪᠣᠯᠭᠠᠨ ᠥᠪᠡᠷ ᠦᠨ ᠢᠶᠠᠨ ᠠᠷᠠᠳ ᠲᠦᠮᠡᠨ ᠢᠰᠷᠧᠯ ᠳᠤ ᠥᠪᠯᠡᠭᠦᠯᠦᠭᠰᠡᠨ᠂
13 ᠶᠣᠬᠣᠸᠠ᠂ ᠲᠠᠨ ᠤ ᠨᠡᠷ᠎ᠡ ᠡᠭᠦᠷᠢᠳᠡ ᠶᠣᠬᠣᠸᠠ᠂ ᠲᠠᠨ ᠤ ᠠᠯᠳᠠᠷ ᠦᠶ᠎ᠡ ᠶᠢᠨ ᠦᠶ᠎ᠡ ᠳᠦ᠂
14 ᠶᠣᠬᠣᠸᠠ ᠠᠷᠠᠳ ᠲᠦᠮᠡᠨ ᠢᠶᠡᠨ ᠰᠢᠭᠦᠵᠦ ᠵᠠᠷᠤᠴᠠ ᠨᠠᠷ ᠢᠶᠠᠨ ᠥᠷᠥᠪᠳᠥᠨ᠎ᠡ᠂
15 ᠦᠨᠳᠦᠰᠦᠲᠡᠨ ᠨᠦᠭᠦᠳ ᠦᠨ ᠰᠢᠲᠦᠭᠡᠨ ᠪᠣᠯ ᠠᠯᠲᠠ ᠮᠥᠩᠭᠥ ᠬᠥᠮᠦᠨ ᠦ ᠭᠠᠷ ᠤᠨ ᠪᠦᠲᠦᠭᠡᠯ
16 ᠠᠮᠠ ᠲᠠᠢ ᠪᠣᠯᠪᠠᠴᠤ ᠶᠠᠷᠢᠳᠠᠭ ᠦᠭᠡᠢ ᠨᠢᠳᠦ ᠲᠠᠢ ᠪᠣᠯᠪᠠᠴᠤ ᠬᠠᠷᠠᠳᠠᠭ ᠦᠭᠡᠢ
17 ᠴᠢᠬᠢ ᠲᠠᠢ ᠪᠣᠯᠪᠠᠴᠤ ᠰᠣᠨᠣᠰᠳᠠᠭ ᠦᠭᠡᠢ ᠠᠮᠠᠨ ᠳᠤᠨᠢ ᠠᠮᠢᠰᠬᠤᠯ ᠭᠡᠵᠦ ᠦᠭᠡᠢ᠂
18 ᠲᠡᠳᠡᠭᠡᠷ ᠢ ᠪᠦᠲᠦᠭᠡᠭᠴᠢᠳ ᠲᠡᠳᠡᠭᠡᠷ ᠲᠦ ᠢᠲᠡᠭᠡᠭᠴᠢᠳ ᠪᠦᠭᠦᠳᠡ ᠲᠡᠳᠡᠭᠡᠷ ᠲᠡᠢ ᠠᠳᠠᠯᠢ᠃

19 ᠢᠰᠷᠧᠯ ᠤᠨ ᠭᠡᠷ ᠡ᠂ ᠶᠣᠬᠣᠸᠠ ᠶᠢ ᠮᠠᠭᠲᠠᠭᠲᠤᠨ ᠠᠷᠣᠨ ᠤ ᠭᠡᠷ ᠡ᠂ ᠶᠣᠬᠣᠸᠠ ᠶᠢ ᠮᠠᠭᠲᠠᠭᠲᠤᠨ
20 ᠯᠧᠸᠢ ᠶᠢᠨ ᠭᠡᠷ ᠡ᠂ ᠶᠣᠬᠣᠸᠠ ᠶᠢ ᠮᠠᠭᠲᠠᠭᠲᠤᠨ ᠶᠣᠬᠣᠸᠠ ᠠᠴᠠ ᠡᠮᠢᠶᠡᠭᠴᠢᠳ ᠡ᠂ ᠶᠣᠬᠣᠸᠠ ᠶᠢ ᠮᠠᠭᠲᠠᠭᠲᠤᠨ᠂
21 ᠶᠧᠷᠦ᠋ᠰᠠᠯᠧᠮ ᠳᠤ ᠣᠷᠣᠰᠢᠳᠠᠭ ᠶᠣᠬᠣᠸᠠ ᠽᠢᠶᠣᠨ ᠠᠴᠠ ᠮᠠᠭᠲᠠᠭᠠᠯ ᠢ ᠠᠪᠴᠤ ᠪᠠᠢᠨ᠎ᠠ᠂ ᠶᠣᠬᠣᠸᠠ ᠶᠢ ᠮᠠᠭᠲᠠᠭᠲᠤᠨ︕