1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠠᠭᠤ ᠬᠣᠷᠢ ᠶᠢᠰᠦ
 ᠵᠣᠪᠠᠭᠠᠭᠴᠢᠳ ᠤᠨ ᠡᠴᠦᠰ
 ᠥᠭᠰᠥᠬᠦ ᠳᠠᠭᠤᠤ᠃

1 ᠢᠰᠷᠧᠯ ᠣᠳᠣ ᠶᠠᠷᠢᠭ᠄ ᠪᠠᠭ᠎ᠠ ᠠᠴᠠ ᠮᠢᠨᠢ ᠲᠡᠳᠡ ᠨᠠᠮᠠᠶᠢ ᠣᠯᠠᠨᠲᠠ ᠵᠣᠪᠠᠭᠠᠭᠰᠠᠨ᠂
2 ᠪᠠᠭ᠎ᠠ ᠠᠴᠠ ᠮᠢᠨᠢ ᠲᠡᠳᠡ ᠨᠠᠮᠠᠶᠢ ᠣᠯᠠᠨᠲᠠ ᠵᠣᠪᠠᠭᠠᠭᠰᠠᠨ ᠪᠣᠯᠪᠠᠴᠤ ᠨᠠᠮᠠᠶᠢ ᠳᠡᠢᠯᠦᠭᠡ ᠦᠭᠡᠢ᠂
3 ᠱᠠᠩ ᠲᠠᠲᠠᠭᠴᠢᠳ ᠨᠢᠷᠤᠭᠤᠨ ᠳᠡᠭᠡᠷ᠎ᠡ ᠮᠢᠨᠢ ᠱᠠᠩ ᠲᠠᠲᠠᠪᠠ ᠤᠷᠲᠤ ᠱᠠᠩ ᠢᠶᠠᠨ ᠲᠠᠲᠠᠪᠠ᠂
4 ᠬᠠᠷᠢᠨ ᠶᠣᠬᠣᠸᠠ ᠵᠥᠪᠲᠦ ᠶᠤᠮ᠂ ᠲᠡᠷᠡ ᠪᠤᠷᠤᠭᠤᠲᠠᠳ ᠤᠨ ᠤᠶᠠᠭᠠᠰᠤ ᠶᠢ ᠲᠠᠰᠤᠯᠳᠠᠭ᠂

5 ᠽᠢᠶᠣᠨ ᠢ ᠵᠢᠭ᠍ᠰᠢᠭ᠍ᠴᠢᠳ ᠪᠦᠭᠦᠳᠡ ᠰᠢᠪᠰᠢᠭ ᠪᠣᠯᠵᠤ ᠤᠬᠤᠷᠢᠭ᠂
6 ᠥᠰᠬᠦ ᠡᠴᠡ ᠪᠡᠨ ᠡᠮᠦᠨ᠎ᠡ ᠬᠠᠲᠠᠳᠠᠭ ᠳᠡᠭᠡᠪᠦᠷ ᠳᠡᠭᠡᠷᠡᠬᠢ ᠡᠪᠡᠰᠦ ᠮᠡᠲᠦ ᠪᠣᠯᠣᠭ᠂
7 ᠲᠡᠳᠡᠭᠡᠷ ᠨᠢ ᠬᠠᠳᠤᠭᠴᠢ ᠶᠢᠨ ᠠᠳᠬᠤ ᠶᠢ ᠴᠤ ᠪᠠᠭᠴᠠᠯᠠᠭᠴᠢ ᠶᠢᠨ ᠲᠡᠪᠡᠷᠢ ᠶᠢ ᠴᠤ ᠳᠦᠭᠦᠷᠭᠡᠳᠡᠭ ᠦᠭᠡᠢ᠂
8 ᠬᠠᠵᠠᠭᠤ ᠪᠠᠷ ᠨᠢ ᠥᠩᠭᠡᠷᠡᠭᠴᠢᠳ 《ᠶᠣᠬᠣᠸᠠ ᠶᠢᠨ ᠢᠪᠡᠭᠡᠯ ᠲᠠ ᠨᠠᠷ ᠳᠡᠭᠡᠷ᠎ᠡ ᠪᠠᠢᠭ ᠶᠣᠬᠣᠸᠠ ᠶᠢᠨ ᠨᠡᠷ᠎ᠡ ᠪᠡᠷ ᠪᠢᠳᠡ ᠲᠠ ᠨᠠᠷ ᠢ ᠢᠷᠥᠭᠡᠶ᠎ᠡ》 ᠭᠡᠵᠦ ᠬᠡᠯᠡᠳᠡᠭ ᠦᠭᠡᠢ᠃