ᠳᠠᠭᠤᠯᠠᠯ ᠵᠠᠭᠤ ᠬᠣᠷᠢᠨ ᠨᠢᠭᠡ
ᠪᠢᠳᠡᠨ ᠢ ᠬᠠᠮᠠᠭᠠᠯᠠᠭᠴᠢ ᠪᠤᠷᠬᠠᠨ
ᠥᠭᠰᠥᠬᠦ ᠳᠠᠭᠤᠤ᠃
1 ᠠᠭᠤᠯᠠᠰ ᠥᠭᠡᠳᠡ ᠪᠢ ᠨᠢᠳᠦ ᠪᠡᠨ ᠡᠷᠭᠦᠨ᠎ᠡ ᠬᠠᠮᠢᠭ᠎ᠠ ᠠᠴᠠ ᠨᠠᠳᠠ ᠳᠤ ᠲᠤᠰᠠᠯᠠᠮᠵᠢ ᠢᠷᠡᠬᠦ ᠪᠤᠢ︖
2 ᠮᠢᠨᠦ ᠲᠤᠰᠠᠯᠠᠮᠵᠢ ᠲᠩᠷᠢ ᠭᠠᠵᠠᠷ ᠢ ᠪᠦᠲᠦᠭᠡᠭᠰᠡᠨ ᠶᠣᠬᠣᠸᠠ ᠠᠴᠠ ᠪᠢᠯᠡ᠂
3 ᠲᠡᠷᠡ ᠴᠢᠮᠠᠶᠢ ᠬᠥᠯ ᠠᠯᠳᠠᠭᠤᠯᠬᠤ ᠦᠭᠡᠢ ᠴᠢᠮᠠᠶᠢ ᠬᠠᠮᠠᠭᠠᠯᠠᠭᠴᠢ ᠲᠡᠷᠡ ᠵᠡᠭᠦᠷᠮᠡᠭᠯᠡᠬᠦ ᠦᠭᠡᠢ᠂
4 ᠬᠠᠷ᠎ᠠ᠂ ᠢᠰᠷᠧᠯ ᠢ ᠬᠠᠮᠠᠭᠠᠯᠠᠭᠴᠢ ᠲᠡᠷᠡ ᠪᠡᠷ ᠵᠡᠭᠦᠷᠮᠡᠭᠯᠡᠬᠦ ᠦᠭᠡᠢ᠂ ᠨᠣᠢᠷᠰᠣᠬᠤ ᠦᠭᠡᠢ᠂
5 ᠶᠣᠬᠣᠸᠠ ᠪᠣᠯ ᠴᠢᠮᠠᠶᠢ ᠬᠠᠮᠠᠭᠠᠯᠠᠭᠴᠢ ᠶᠣᠬᠣᠸᠠ ᠪᠣᠯ ᠴᠢᠨᠦ ᠪᠠᠷᠠᠭᠤᠨ ᠲᠠᠯ᠎ᠠ ᠳᠠᠬᠢ ᠰᠡᠭᠦᠳᠡᠷ ᠴᠢᠨᠢ ᠶᠤᠮ᠂
6 ᠡᠳᠦᠷ ᠦᠨ ᠨᠠᠷᠠ ᠴᠤ ᠰᠥᠨᠢ ᠶᠢᠨ ᠰᠠᠷ᠎ᠠ ᠴᠤ ᠴᠢᠮᠠᠶᠢ ᠬᠣᠬᠢᠷᠠᠭᠠᠬᠤ ᠦᠭᠡᠢ᠂
7 ᠶᠣᠬᠣᠸᠠ ᠴᠢᠮᠠᠶᠢ ᠪᠦᠬᠦ ᠬᠥᠨᠥᠭᠡᠯ ᠡᠴᠡ ᠬᠠᠮᠠᠭᠠᠯᠠᠨ᠎ᠠ ᠠᠮᠢ ᠶᠢ ᠴᠢᠨᠢ ᠬᠠᠮᠠᠭᠠᠯᠠᠨ᠎ᠠ᠂
8 ᠶᠣᠬᠣᠸᠠ ᠣᠷᠣᠬᠤ ᠭᠠᠷᠬᠤ ᠪᠣᠯᠭᠠᠨ ᠳᠤ ᠴᠢᠨᠢ ᠣᠳᠣ ᠠᠴᠠ ᠮᠥᠩᠬᠡᠳᠡ ᠬᠦᠷᠲᠡᠯ᠎ᠡ ᠬᠠᠮᠠᠭᠠᠯᠠᠨ᠎ᠠ᠃