1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠨᠠᠶᠠᠨ ᠨᠠᠢ᠌ᠮᠠ
 ᠦᠬᠦᠯᠡᠭᠦᠲᠡ ᠪᠣᠯᠣᠭᠰᠠᠨ ᠬᠥᠮᠦᠨ ᠦ ᠭᠤᠶᠤᠯᠲᠠ
 ᠺᠣᠷᠠᠴᠤᠳ ᠤᠨ ᠳᠠᠭᠤᠯᠠᠯ᠂ ᠳᠠᠭᠤᠤ᠃ ᠨᠠᠢᠷᠠᠯ ᠳᠠᠭᠤᠤ ᠶᠢᠨ ᠤᠳᠤᠷᠢᠳᠤᠭᠠᠴᠢ ᠳᠤ᠃ 《ᠵᠣᠪᠠᠭᠠᠭᠴᠢ ᠡᠪᠡᠳᠴᠢᠨ》 ᠤ ᠠᠶ᠎ᠠ ᠳᠡᠭᠡᠷ᠎ᠡ᠃

1 ᠮᠢᠨᠦ ᠠᠪᠤᠷᠠᠯ ᠤᠨ ᠪᠤᠷᠬᠠᠨ ᠶᠣᠬᠣᠸᠠ ᠪᠢ ᠡᠳᠦᠷ ᠰᠥᠨᠢ ᠦᠭᠡᠢ ᠲᠠᠨ ᠥᠭᠡᠳᠡ ᠬᠠᠰᠬᠢᠷᠤᠭᠰᠠᠨ᠂
2 ᠭᠤᠶᠤᠯᠲᠠ ᠮᠢᠨᠢ ᠲᠠᠨ ᠳᠤ ᠬᠦᠷᠦᠭᠡᠰᠡᠢ ᠬᠠᠰᠬᠢᠷᠤᠯᠲᠠ ᠳᠤ ᠮᠢᠨᠢ ᠴᠢᠬᠢ ᠪᠠᠨ ᠲᠠᠯᠪᠢᠭᠠᠴᠢ᠂
3 ᠰᠡᠳᠬᠢᠯ ᠮᠢᠨᠢ ᠵᠣᠪᠠᠯᠠᠩ ᠢᠶᠠᠷ ᠳᠦᠭᠦᠷᠪᠡ ᠠᠮᠢ ᠮᠢᠨᠢ ᠦᠬᠦᠭᠰᠡᠳ ᠦᠨ ᠣᠷᠣᠨ ᠳᠤ ᠲᠥᠬᠥᠪᠡ᠃
4 ᠪᠢ ᠨᠦᠬᠡ ᠤᠷᠤᠭᠤ ᠪᠠᠭᠤᠭᠴᠢᠳ ᠤᠨ ᠳᠤᠮᠳᠠ ᠲᠣᠭᠠᠯᠠᠭᠳᠠᠪᠠ ᠪᠢ ᠶᠠᠮᠠᠷ ᠴᠤ ᠬᠦᠴᠦ ᠦᠭᠡᠢ ᠬᠥᠮᠦᠨ ᠲᠡᠢ ᠠᠳᠠᠯᠢ᠂
5 ᠲᠠᠨ ᠳᠤ ᠳᠠᠬᠢᠵᠤ ᠳᠤᠷᠠᠰᠤᠭᠳᠠᠬᠤ ᠦᠭᠡᠢ ᠲᠠᠨ ᠤ ᠮᠤᠲᠤᠷ ᠠᠴᠠ ᠲᠠᠰᠤᠯᠤᠭᠳᠠᠭᠠᠳ ᠠᠩᠭᠢᠵᠢᠷᠠᠭᠠᠳ ᠦᠬᠦᠭᠰᠡᠳ ᠦᠨ ᠳᠤᠮᠳᠠ ᠪᠠᠢᠭ᠎ᠠ ᠠᠯᠠᠭᠳᠠᠭᠠᠳ ᠪᠤᠯᠠᠰᠢᠨ ᠳᠤ ᠬᠡᠪᠲᠡᠵᠦ ᠪᠠᠢᠭ᠎ᠠ ᠬᠥᠮᠦᠨ ᠲᠡᠢ ᠠᠳᠠᠯᠢ᠂
6 ᠲᠠ ᠨᠠᠮᠠᠶᠢ ᠢᠷᠤᠭᠠᠷ ᠦᠭᠡᠢ ᠠᠩ᠋ᠭᠠᠯ ᠳᠤ ᠬᠠᠷᠠᠩ᠋ᠭᠤᠢ ᠭᠦᠨ ᠳᠦ ᠲᠠᠯᠪᠢᠵᠠᠢ᠃
7 ᠲᠠᠨ ᠤ ᠬᠢᠯᠢᠩ ᠨᠠᠮᠠᠶᠢ ᠬᠦᠨᠳᠦ ᠪᠡᠷ ᠳᠠᠷᠤᠪᠠ ᠲᠠ ᠬᠠᠮᠤᠭ ᠳᠠᠪᠠᠯᠭᠠᠨ ᠢᠶᠠᠷ ᠢᠶᠠᠨ ᠨᠠᠮᠠᠶᠢ ᠵᠣᠪᠠᠭᠠᠪᠠ᠃
 
ᠰᠧᠯᠠ

8 ᠲᠠ ᠲᠠᠨᠢᠯ ᠤᠳ ᠢ ᠮᠢᠨᠢ ᠨᠠᠳᠠ ᠠᠴᠠ ᠬᠣᠯᠠᠳᠠᠭᠤᠯᠵᠤ ᠨᠠᠮᠠᠶᠢ ᠲᠡᠳᠡᠨ ᠳᠦ ᠵᠢᠭᠰᠢᠭᠦᠷᠢ ᠪᠣᠯᠭᠠᠪᠠ ᠪᠢ ᠬᠣᠷᠢᠭᠳᠠᠭᠠᠳ ᠭᠠᠷᠴᠤ ᠴᠢᠳᠠᠬᠤ ᠦᠭᠡᠢ ᠪᠣᠯᠪᠠ
9 ᠨᠢᠳᠦ ᠮᠢᠨᠢ ᠵᠣᠪᠠᠯᠠᠩ ᠠᠴᠠ ᠪᠣᠯᠵᠤ ᠪᠦᠷᠦᠯᠵᠡᠪᠡ᠂ ᠶᠣᠬᠣᠸᠠ᠂ ᠪᠢ ᠲᠠᠨ ᠢ ᠡᠳᠦᠷ ᠪᠦᠷᠢ ᠳᠠᠭᠤᠳᠠᠭᠰᠠᠨ ᠲᠠᠨ ᠥᠭᠡᠳᠡ ᠭᠠᠷ ᠢᠶᠠᠨ ᠰᠤᠩ᠋ᠭᠠᠭᠰᠠᠨ᠃
10 ᠲᠠ ᠦᠬᠦᠭᠰᠡᠳ ᠲᠦ ᠭᠠᠢᠬᠠᠮᠰᠢᠭ ᠢ ᠦᠢᠯᠡᠳᠬᠦ ᠤᠤ︖ ᠲᠠᠯᠢᠢᠭᠠᠴᠢᠳ ᠪᠣᠰᠣᠭᠠᠳ ᠲᠠᠨ ᠢ ᠮᠠᠭᠲᠠᠬᠤ ᠤᠤ︖
11 ᠲᠠᠨ ᠤ ᠦᠨᠡᠨ ᠬᠠᠢᠷ᠎ᠠ ᠪᠤᠯᠠᠰᠢᠨ ᠳᠤ ᠲᠠᠨ ᠤ ᠢᠲᠡᠭᠡᠮᠵᠢ ᠢᠷᠤᠭᠠᠷ ᠦᠭᠡᠢ ᠨᠦᠬᠡᠨ ᠳᠦ ᠲᠤᠩ᠋ᠬᠠᠭᠯᠠᠭᠳᠠᠬᠤ ᠤᠤ︖
12 ᠲᠠᠨ ᠤ ᠭᠠᠢᠬᠠᠮᠰᠢᠭ ᠤᠳ ᠬᠠᠷᠠᠩ᠋ᠭᠤᠢ ᠳᠤ ᠲᠠᠨ ᠤ ᠵᠥᠪ ᠦᠢᠯᠡᠰ ᠮᠠᠷᠲᠠᠯᠲᠠ ᠶᠢᠨ ᠣᠷᠣᠨ ᠳᠤ ᠲᠠᠨᠢᠭᠳᠠᠬᠤ ᠤᠤ︖

13 ᠶᠣᠬᠣᠸᠠ᠂ ᠪᠢ ᠲᠠᠨ ᠤ ᠥᠭᠡᠳᠡ ᠬᠠᠰᠬᠢᠷᠤᠭᠰᠠᠨ ᠭᠤᠶᠤᠯᠲᠠ ᠮᠢᠨᠢ ᠥᠷᠯᠥᠭᠡ ᠲᠠᠨ ᠳᠤ ᠬᠦᠷᠦᠭᠡᠰᠡᠢ᠂
14 ᠶᠣᠬᠣᠸᠠ᠂ ᠲᠠ ᠶᠠᠭᠤᠨ ᠳᠤ ᠠᠮᠢ ᠶᠢ ᠮᠢᠨᠢ ᠣᠷᠬᠢᠨ᠎ᠠ ᠪᠤᠢ︖ ᠲᠠ ᠶᠠᠭᠤᠨ ᠳᠤ ᠨᠠᠳᠠ ᠠᠴᠠ ᠨᠢᠭᠤᠷ ᠢᠶᠠᠨ ᠨᠢᠭᠤᠨ᠎ᠠ ᠪᠤᠢ︖
15 ᠪᠢ ᠵᠠᠯᠠᠭᠤ ᠠᠴᠠ ᠪᠠᠨ ᠵᠣᠪᠠᠵᠤ᠂ ᠦᠬᠦᠬᠦ ᠰᠢᠬᠠᠭᠰᠠᠨ ᠲᠠᠨ ᠤ ᠠᠶᠤᠮᠰᠢᠭ ᠢ ᠠᠮᠰᠠᠭᠰᠠᠭᠠᠷ ᠪᠢ ᠴᠥᠬᠥᠷᠡᠵᠦ ᠪᠠᠢᠨ᠎ᠠ᠂
16 ᠲᠠᠨ ᠤ ᠬᠢᠯᠢᠩ ᠮᠢᠨᠦ ᠳᠡᠭᠡᠭᠦᠷ ᠨᠥᠮᠥᠷᠴᠡᠢ ᠲᠠᠨ ᠤ ᠰᠦᠷᠳᠡᠭᠦᠯᠦᠯᠭᠡ ᠨᠠᠮᠠᠶᠢ ᠡᠴᠦᠰᠯᠡᠭᠦᠯᠬᠦ ᠪᠣᠯᠣᠯ᠎ᠠ᠂
17 ᠡᠳᠡᠭᠡᠷ ᠵᠦᠢᠯ ᠡᠳᠦᠷᠵᠢᠨ ᠨᠠᠮᠠᠶᠢ ᠦᠶᠡᠷ ᠮᠡᠲᠦ ᠬᠦᠷᠢᠶᠡᠯᠡᠪᠡ ᠪᠦᠬᠦ ᠲᠠᠯ᠎ᠠ ᠠᠴᠠ ᠨᠠᠮᠠᠶᠢ ᠪᠦᠰᠡᠯᠡᠪᠡ᠂
18 ᠲᠠ ᠨᠠᠳᠠ ᠠᠴᠠ ᠬᠠᠨᠢ ᠨᠥᠬᠥᠷ ᠢ ᠮᠢᠨᠢ ᠬᠣᠯᠠᠳᠠᠭᠤᠯᠤᠭᠰᠠᠨ ᠲᠠᠨᠢᠯ ᠤᠳ ᠢ ᠮᠢᠨᠢ ᠬᠠᠷᠠᠩ᠋ᠭᠤᠢ ᠳᠤ ᠲᠠᠯᠪᠢᠪᠠ᠃