ᠳᠠᠭᠤᠯᠠᠯ ᠵᠠᠭᠤ ᠭᠤᠴᠢᠨ ᠨᠢᠭᠡ
ᠴᠠᠢᠯᠭᠠᠨ ᠢᠲᠡᠭᠡᠯ
ᠳ᠋ᠠᠸᠢᠳ᠋ ᠤᠨ ᠥᠭᠰᠥᠬᠦ ᠳᠠᠭᠤᠤ᠃
1 ᠶᠣᠬᠣᠸᠠ᠂ ᠵᠢᠷᠦᠬᠡ ᠮᠢᠨᠢ ᠪᠠᠷᠳᠠᠮ ᠪᠢᠰᠢ᠂ ᠬᠠᠷᠠᠴᠠ ᠮᠢᠨᠢ ᠳᠡᠭᠡᠷᠡᠩᠭᠦᠢ ᠪᠢᠰᠢ᠂ ᠥᠪᠡᠷ ᠲᠦ ᠮᠢᠨᠢ ᠠᠬᠠᠳᠠᠬᠤ᠂ ᠭᠠᠢᠬᠠᠯᠲᠠᠢ ᠵᠦᠢᠯᠡᠰ ᠢ ᠴᠤ ᠪᠢ ᠬᠥᠭᠡᠭᠡᠴᠡᠯᠳᠦᠳᠡᠭ᠌ ᠦᠭᠡᠢ᠂
2 ᠪᠢ ᠦᠨᠡᠬᠡᠷ ᠰᠦᠨᠡᠰᠦ ᠪᠡᠨ ᠨᠠᠮᠵᠢᠭᠤᠨ ᠲᠠᠢᠪᠤᠩ ᠪᠠᠢᠯᠭᠠᠭᠰᠠᠨ ᠬᠥᠬᠥᠨ ᠡᠴᠡ ᠭᠠᠷᠤᠭᠰᠠᠨ ᠬᠡᠦᠬᠡᠳ ᠡᠬᠡ ᠪᠡᠨ ᠨᠠᠯᠠᠨ ᠪᠠᠢᠬᠤ ᠰᠢᠭ᠋ ᠰᠦᠨᠡᠰᠦ ᠪᠡᠨ ᠥᠪᠡᠷ ᠦᠨ ᠢᠶᠠᠨ ᠳᠣᠲᠣᠷ᠎ᠠ ᠬᠥᠬᠥᠨ ᠡᠴᠡ ᠭᠠᠷᠤᠭᠰᠠᠨ ᠬᠡᠦᠬᠡᠳ ᠮᠡᠲᠦ ᠪᠠᠢᠯᠭᠠᠭᠰᠠᠨ᠂
3 ᠢᠰᠷᠧᠯ ᠡ᠂ ᠡᠳᠦᠭᠡ ᠡᠴᠡ ᠮᠥᠩᠬᠡᠳᠡ ᠶᠣᠬᠣᠸᠠ ᠳᠤ ᠨᠠᠢᠳᠠᠭᠲᠤᠨ᠃