1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠲᠠᠪᠢᠨ ᠬᠣᠶᠠᠷ
 ᠪᠤᠷᠤᠭᠤᠲᠠᠨ ᠤ ᠪᠠᠬᠠᠷᠬᠠᠯ ᠬᠣᠭᠣᠰᠣᠨ
 ᠳ᠋ᠠᠸᠢᠳ᠋ ᠤᠨ ᠰᠤᠷᠭᠠᠯᠲᠤ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃ ᠡᠳᠣᠮ ᠬᠥᠮᠦᠨ ᠳ᠋ᠣᠶ᠋ᠢᠭ ᠰᠠᠦ᠋ᠯ ᠳᠤ ᠣᠴᠢᠵᠤ᠄ 《ᠳ᠋ᠠᠸᠢᠳ᠋ ᠠᠾᠢᠮᠧᠯᠧᠺ ᠤᠨ ᠭᠡᠷ ᠲᠦ ᠣᠷᠣᠯ᠎ᠠ》 ᠭᠡᠵᠦ ᠬᠡᠯᠡᠭᠰᠡᠨ ᠦᠶ᠎ᠡ ᠳᠦ᠃

1 ᠪᠤᠷᠬᠠᠨ ᠤ ᠦᠨᠡᠨ ᠬᠠᠢᠷ᠎ᠠ ᠡᠳᠦᠷᠵᠢᠨ ᠪᠠᠢᠬᠤ ᠳᠤ ᠪᠠᠭᠠᠲᠤᠷ ᠡ᠂ ᠴᠢ ᠶᠠᠭᠠᠬᠢᠭᠠᠳ ᠮᠠᠭᠤ ᠪᠠᠷ ᠢᠶᠠᠨ ᠪᠠᠬᠠᠷᠬᠠᠳᠠᠭ ᠪᠤᠢ︖
2 ᠰᠦᠢᠷᠡᠯ ᠢ ᠰᠡᠳᠦᠬᠦ ᠬᠡᠯᠡ ᠴᠢᠨᠢ ᠬᠤᠷᠴᠠ ᠲᠣᠩ᠋ᠭᠣᠷᠠᠭ ᠮᠡᠲᠦ ᠬᠠᠭᠤᠷᠮᠠᠭ ᠢ ᠦᠢᠯᠡᠳᠴᠦ ᠪᠠᠢᠨ᠎ᠠ᠃
3 ᠴᠢ ᠰᠠᠢᠨ ᠠᠴᠠ ᠢᠯᠡᠭᠦᠦ ᠪᠡᠷ ᠮᠠᠭᠤ ᠶᠢ ᠬᠠᠢᠷᠠᠯᠠᠵᠤ ᠵᠥᠪ ᠡᠴᠡ ᠢᠯᠡᠭᠦᠦ ᠪᠡᠷ ᠬᠤᠳᠠᠯ ᠢ ᠶᠠᠷᠢᠳᠠᠭ᠃
 
ᠰᠧᠯᠠ

4 ᠬᠠᠭᠤᠷᠮᠠᠭ ᠬᠡᠯᠡ ᠴᠢ ᠬᠥᠨᠥᠭᠡᠯᠲᠦ ᠦᠭᠡ ᠪᠣᠯᠭᠠᠨ ᠢ ᠬᠠᠢᠷᠠᠯᠠᠳᠠᠭ᠃

5 ᠲᠡᠢᠮᠦ ᠡᠴᠡ ᠪᠤᠷᠬᠠᠨ ᠴᠢᠮᠠᠶᠢ ᠮᠥᠩᠬᠡᠳᠡ ᠰᠥᠨᠥᠭᠡᠨ᠎ᠡ ᠮᠠᠢᠬᠠᠨ ᠠᠴᠠ ᠴᠢᠨᠢ ᠲᠠᠰᠤᠳᠠᠨ ᠰᠠᠯᠭᠠᠵᠤ ᠠᠮᠢᠳᠤ ᠶᠢᠨ ᠭᠠᠵᠠᠷ ᠠᠴᠠ ᠰᠤᠭᠤᠯᠤᠨ᠎ᠠ᠃
 
ᠰᠧᠯᠠ

6 ᠵᠥᠪᠲᠡᠳ ᠬᠠᠷᠠᠭᠠᠳ ᠡᠮᠢᠶᠡᠵᠦ ᠲᠡᠭᠦᠨ ᠢ ᠳᠣᠭᠣᠭᠢᠯᠠᠨ᠄
7 《ᠬᠠᠷᠠ᠂ ᠪᠤᠷᠬᠠᠨ ᠢᠶᠠᠷ ᠬᠠᠮᠠᠭᠠᠯᠠᠯᠲᠠ ᠪᠣᠯᠭᠠᠯ ᠦᠭᠡᠢ ᠬᠥᠷᠥᠩᠭᠡ ᠶᠢᠨ ᠢᠶᠠᠨ ᠡᠯᠪᠡᠭ ᠲᠦ ᠢᠲᠡᠭᠡᠵᠦ ᠬᠥᠮᠦᠨ ᠢ ᠬᠥᠨᠥᠭᠡᠬᠦ ᠪᠡᠷ ᠬᠦᠴᠦ ᠲᠠᠢ ᠪᠣᠯᠳᠠᠭ ᠬᠥᠮᠦᠨ ᠡᠨᠡ ᠪᠠᠢᠨ᠎ᠠ》 ᠭᠡᠬᠦ ᠪᠣᠯᠣᠨ᠎ᠠ᠃
8 ᠬᠠᠷᠢᠨ ᠪᠢ ᠪᠤᠷᠬᠠᠨ ᠤ ᠥᠷᠭᠥᠭᠡᠨ ᠳᠠᠬᠢ ᠨᠣᠭᠣᠭᠠᠨ ᠴᠢᠳᠦᠨ ᠮᠣᠳᠣ ᠮᠡᠲᠦ ᠪᠤᠷᠬᠠᠨ ᠤ ᠦᠨᠡᠨ ᠬᠠᠢᠷ᠎ᠠ ᠳᠤ ᠡᠭᠦᠷᠢᠳᠡ ᠮᠥᠩᠬᠡᠳᠡ ᠢᠲᠡᠭᠡᠶ᠎ᠡ᠃
9 ᠪᠢ ᠲᠠᠨ ᠤ ᠦᠢᠯᠡᠰ ᠲᠦ ᠡᠭᠦᠷᠢᠳᠡ ᠲᠠᠯᠠᠷᠬᠠᠨ ᠲᠠᠨ ᠤ ᠨᠡᠷ᠎ᠡ ᠳᠦ ᠨᠠᠢᠳᠠᠨ᠎ᠠ᠂ ᠤᠴᠢᠷ ᠨᠢ ᠲᠠ ᠥᠪᠡᠷ ᠲᠦ ᠲᠠᠨᠢ ᠦᠨᠡᠨᠴᠢ ᠪᠠᠢᠭᠰᠠᠳ ᠲᠤ ᠰᠠᠢᠨ᠃