1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠠᠷᠪᠠᠨ ᠳᠥᠷᠪᠡ
 ᠪᠤᠷᠬᠠᠨ ᠦᠭᠡᠢ ᠭᠡᠭᠴᠢᠳ ᠤᠨ ᠮᠤᠩ᠋ᠬᠠᠭᠯᠠᠯ
 ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃

1 ᠮᠤᠩ᠋ᠬᠠᠭ ᠨᠢ ᠵᠢᠷᠦᠬᠡᠨ ᠳᠡᠭᠡᠨ 《ᠪᠤᠷᠬᠠᠨ ᠪᠠᠢᠬᠤ ᠦᠭᠡᠢ》 ᠭᠡᠳᠡᠭ᠂ ᠲᠡᠳᠡ ᠳᠣᠷᠣᠢᠲᠠᠵᠠᠭᠠᠭᠰᠠᠨ ᠦᠢᠯᠡᠰ ᠨᠢ ᠵᠢᠭᠰᠢᠭᠦᠷᠢ ᠲᠠᠢ᠂ ᠰᠠᠢᠨ ᠢ ᠦᠢᠯᠡᠳᠦᠭᠴᠢ ᠠᠯᠠᠭ᠎ᠠ᠃
2 ᠪᠤᠷᠬᠠᠨ ᠢ ᠬᠠᠢᠭᠴᠢ ᠤᠬᠠᠭᠠᠨᠲᠠᠨ ᠪᠠᠢᠬᠤ ᠡᠰᠡᠬᠦ ᠶᠢ ᠦᠵᠡᠬᠦ ᠪᠡᠷ ᠶᠣᠬᠣᠸᠠ ᠲᠩᠷᠢ ᠡᠴᠡ ᠬᠥᠮᠦᠨ ᠦ ᠬᠥᠪᠡᠭᠦᠳ ᠤᠷᠤᠭᠤ ᠥᠩᠭᠡᠶᠢᠨ ᠬᠠᠷᠠᠬᠤ ᠳᠤ

3 ᠲᠡᠳᠡ ᠪᠦᠭᠦᠳᠡᠭᠡᠷ ᠢᠶᠡᠨ ᠭᠠᠵᠢᠵᠠᠢ ᠴᠥᠮ ᠢᠶᠡᠷ ᠢᠶᠠᠨ ᠳᠣᠷᠣᠢᠲᠠᠵᠠᠭᠠᠵᠠᠢ ᠰᠠᠢᠨ ᠢ ᠦᠢᠯᠡᠳᠦᠭᠴᠢ ᠠᠯᠠᠭ᠎ᠠ ᠭᠠᠭᠴᠠ ᠴᠤ ᠠᠯᠠᠭ᠎ᠠ᠃

4 ᠮᠠᠭᠤ ᠶᠢ ᠦᠢᠯᠡᠳᠦᠭᠴᠢᠳ ᠪᠦᠭᠦᠳᠡᠭᠡᠷ ᠢᠶᠡᠨ ᠮᠡᠳᠡᠳᠡᠭ ᠦᠭᠡᠢ ᠭᠡᠵᠢ ᠤᠤ︖ ᠲᠡᠳᠡ ᠠᠷᠠᠳ ᠲᠦᠮᠡᠨ ᠢ ᠮᠢᠨᠢ ᠬᠣᠭᠣᠯᠠ ᠢᠳᠡᠬᠦ ᠰᠢᠭ ᠢᠳᠡᠳᠡᠭ ᠲᠡᠳᠡ ᠶᠣᠬᠣᠸᠠ ᠶᠢ ᠳᠠᠭᠤᠳᠠᠳᠠᠭ ᠦᠭᠡᠢ᠂
5 ᠬᠠᠷᠢᠨ ᠲᠡᠨᠳᠡ ᠲᠡᠳᠡ ᠰᠣᠴᠢᠨ ᠰᠣᠴᠢᠬᠤ ᠪᠣᠯᠣᠨ᠎ᠠ ᠪᠤᠷᠬᠠᠨ ᠵᠥᠪᠲᠦ ᠦᠶ᠎ᠡ ᠶᠢᠨ ᠬᠢᠨ ᠲᠠᠢ ᠬᠠᠮᠲᠤ ᠪᠠᠢᠳᠠᠭ ᠶᠤᠮ︕

6 ᠲᠠ ᠨᠠᠷ ᠶᠠᠳᠠᠭᠤᠰ ᠤᠨ ᠵᠣᠷᠢᠯᠭ᠎ᠠ ᠶᠢ ᠭᠤᠲᠤᠭᠠᠳᠠᠭ ᠪᠣᠯᠪᠠᠴᠤ ᠶᠣᠬᠣᠸᠠ ᠲᠡᠭᠦᠨ ᠦ ᠬᠣᠷᠭᠣᠳᠠᠬᠤ ᠭᠠᠵᠠᠷ ᠶᠤᠮ︕

7 ᠥ᠂ ᠽᠢᠶᠣᠨ ᠠᠴᠠ ᠬᠡᠨ ᠢᠰᠷᠧᠯ ᠳᠤ ᠠᠪᠤᠷᠠᠯ ᠢ ᠠᠪᠴᠢᠷᠠᠬᠤ ᠪᠤᠢ︖ ᠶᠣᠬᠣᠸᠠ ᠣᠯᠵᠠᠯᠠᠭᠳᠠᠭᠰᠠᠨ ᠠᠷᠠᠳ ᠲᠦᠮᠡᠨ ᠢᠶᠡᠨ ᠡᠷᠭᠢᠭᠦᠯᠦᠨ ᠠᠪᠴᠢᠷᠠᠬᠤ ᠳᠤ ᠶᠠᠺᠣᠪ ᠪᠠᠶᠠᠰᠤᠨ᠂ ᠢᠰᠷᠧᠯ ᠪᠠᠶᠠᠷᠯᠠᠨ᠎ᠠ᠃