1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠭᠤᠴᠢᠨ ᠲᠠᠪᠤ
 ᠳᠠᠢᠰᠤᠨ ᠠᠴᠠ ᠠᠪᠤᠷᠠᠭᠠᠴᠢ
 ᠳ᠋ᠠᠸᠢᠳ᠋ ᠤᠨ ᠳᠠᠭᠤᠯᠠᠯ᠃

1 ᠶᠣᠬᠣᠸᠠ᠂ ᠨᠠᠳᠠ ᠲᠠᠢ ᠲᠡᠮᠡᠴᠡᠯᠳᠦᠭᠴᠢᠳ ᠲᠠᠢ ᠲᠡᠮᠡᠴᠡᠯᠳᠦᠭᠡᠴᠢ ᠨᠠᠳᠠ ᠲᠠᠢ ᠲᠤᠯᠤᠯᠳᠤᠭᠴᠢᠳ ᠲᠠᠢ ᠲᠤᠯᠤᠯᠳᠤᠭᠠᠴᠢ᠃
2 ᠬᠠᠯᠬᠠᠪᠴᠢ᠂ ᠪᠠᠮᠪᠠᠢ ᠪᠠᠨ ᠪᠠᠷᠢᠨ ᠨᠠᠳᠠ ᠳᠤ ᠲᠤᠰᠠᠯᠠᠬᠤ ᠪᠠᠷ ᠪᠣᠰᠣᠭᠠᠴᠢ᠃
3 ᠲᠠ ᠮᠥᠷᠳᠡᠭᠴᠢᠳ ᠤᠨ ᠮᠢᠨᠢ ᠡᠰᠡᠷᠭᠦ ᠵᠢᠳᠠ ᠰᠡᠷᠡᠭᠡ ᠪᠡᠨ ᠰᠤᠭᠤᠯᠵᠤ ᠰᠡᠳᠬᠢᠯ ᠳᠤ ᠮᠢᠨᠢ 《ᠪᠢ ᠴᠢᠨᠦ ᠠᠪᠤᠷᠠᠯ︕》 ᠭᠡᠵᠦ ᠬᠡᠯᠡᠨ᠎ᠡ ᠤᠤ︖
4 ᠠᠮᠢ ᠶᠢ ᠮᠢᠨᠢ ᠬᠠᠢᠭᠴᠢᠳ ᠰᠢᠪᠰᠢᠭ ᠪᠣᠯᠵᠤ᠂ ᠢᠴᠢᠭᠦᠷᠢ ᠳᠤ ᠤᠨᠠᠭ ᠨᠠᠮᠠᠶᠢ ᠬᠣᠬᠢᠷᠠᠭᠠᠬᠤ ᠭᠡᠭᠴᠢᠳ ᠨᠢᠷᠤᠭᠤ ᠪᠠᠨ ᠬᠠᠷᠠᠭᠤᠯᠤᠨ ᠪᠤᠴᠠᠭ᠃
5 ᠶᠣᠬᠣᠸᠠ ᠶᠢᠨ ᠡᠯᠴᠢ ᠬᠥᠭᠡᠭᠡᠵᠦ ᠪᠠᠢᠬᠤ ᠳᠤ ᠲᠡᠳᠡ ᠰᠠᠯᠬᠢᠨ ᠳᠤ ᠬᠡᠶᠢᠰᠬᠦ ᠬᠡᠪᠡᠭ ᠮᠡᠲᠦ ᠪᠠᠢᠭ᠃
6 ᠶᠣᠬᠣᠸᠠ ᠶᠢᠨ ᠡᠯᠴᠢ ᠨᠡᠬᠡᠮᠵᠢᠯᠡᠵᠦ ᠪᠠᠢᠬᠤ ᠳᠤ ᠲᠡᠳᠡᠨ ᠦ ᠵᠠᠮ ᠬᠠᠷᠠᠩ᠋ᠭᠤᠢ ᠪᠥᠭᠡᠳ ᠬᠠᠯᠲᠤᠷᠢᠭ᠎ᠠ ᠲᠠᠢ ᠪᠠᠢᠭ᠃
7 ᠤᠴᠢᠷ ᠨᠢ ᠲᠡᠳᠡ ᠰᠢᠯᠲᠠᠭᠠᠨ ᠦᠭᠡᠢ ᠪᠠᠷ ᠨᠠᠮᠠᠶᠢ ᠪᠠᠷᠢᠬᠤ ᠭᠡᠵᠦ ᠲᠣᠣᠷ ᠢᠶᠠᠨ ᠨᠢᠭᠤᠭᠰᠠᠨ ᠰᠢᠯᠲᠠᠭᠠᠨ ᠦᠭᠡᠢ ᠪᠠᠷ ᠠᠮᠢ ᠶᠢ ᠮᠢᠨᠢ ᠠᠪᠬᠤ ᠭᠡᠵᠦ ᠨᠦᠬᠡ ᠤᠬᠤᠭᠰᠠᠨ᠃
8 ᠮᠡᠳᠡᠭᠡ ᠦᠭᠡᠢ ᠪᠠᠢᠬᠤ ᠳᠤᠨᠢ ᠲᠡᠳᠡᠨ ᠳᠦ ᠮᠥᠬᠥᠯ ᠨᠢ ᠢᠷᠡᠭ ᠨᠢᠭᠤᠭᠰᠠᠨ ᠲᠣᠣᠷ ᠲᠠᠭᠠᠨ ᠣᠷᠣᠭᠠᠳ ᠨᠦᠬᠡᠨ ᠳᠡᠭᠡᠨ ᠤᠨᠠᠵᠤ ᠮᠥᠬᠥᠭ᠃

9 ᠠᠮᠢ ᠮᠢᠨᠢ ᠶᠣᠬᠣᠸᠠ ᠪᠠᠷ ᠪᠠᠶᠠᠷᠯᠠᠵᠤ ᠠᠪᠤᠷᠠᠯ ᠳᠤᠨᠢ ᠪᠠᠶᠠᠰᠤᠨ᠎ᠠ᠃
10 ᠬᠠᠮᠤᠭ ᠶᠠᠰᠤ ᠮᠢᠨᠢ 《ᠶᠣᠬᠣᠸᠠ᠂ ᠬᠡᠨ ᠲᠠᠨ ᠲᠠᠢ ᠠᠳᠠᠯᠢ ᠪᠤᠢ︖ ᠶᠠᠳᠠᠭᠤ ᠶᠢ ᠳᠡᠢᠯᠦᠰᠢ ᠦᠭᠡᠢ ᠬᠦᠴᠦᠲᠡᠨ ᠡᠴᠡ ᠨᠢ᠂ ᠦᠭᠡᠭᠦᠦ ᠶᠠᠳᠠᠭᠤ ᠶᠢ ᠳᠡᠭᠡᠷᠡᠮ ᠡᠴᠡ ᠨᠢ ᠠᠪᠤᠷᠠᠳᠠᠭ ᠲᠠ》 ᠭᠡᠨ᠎ᠡ᠃
11 ᠪᠠᠯᠠᠮᠠᠳ ᠭᠡᠷᠡᠴᠢᠯᠡᠭᠴᠢᠳ ᠪᠣᠰᠴᠠᠭᠠᠵᠤ ᠦᠯᠦ ᠮᠡᠳᠡᠬᠦ ᠵᠦᠢᠯ ᠢ ᠨᠠᠳᠠ ᠠᠴᠠ ᠱᠠᠭᠠᠷᠳᠠᠬᠤ ᠪᠣᠯᠪᠠ
12 ᠠᠴᠢ ᠶᠢ ᠮᠢᠨᠢ ᠪᠠᠴᠢ ᠪᠠᠷ ᠬᠠᠷᠢᠭᠤᠯᠬᠤ ᠪᠣᠯᠪᠠ᠂ ᠰᠡᠳᠬᠢᠯ ᠮᠢᠨᠢ ᠭᠠᠰᠢᠭᠤᠳᠠᠯ ᠲᠠᠢ ᠪᠠᠢᠨ᠎ᠠ᠃
13 ᠲᠡᠳᠡ ᠡᠪᠡᠳᠴᠢᠲᠡᠢ ᠪᠠᠢᠬᠤ ᠳᠤ ᠪᠢ ᠲᠠᠭᠠᠷ ᠤᠨ ᠬᠤᠪᠴᠠᠰᠤ ᠡᠮᠦᠰᠴᠦ ᠪᠠᠴᠠᠭ ᠪᠠᠷᠢᠬᠤ ᠪᠠᠷ ᠥᠪᠡᠷ ᠢ ᠪᠠᠨ ᠵᠣᠪᠠᠭᠠᠭᠰᠠᠨ ᠪᠢᠯᠡ᠂ (ᠬᠠᠷᠢᠨ ᠮᠢᠨᠦ ᠳᠠᠭᠠᠳᠬᠠᠯ ᠡᠪᠦᠷ ᠲᠦ ᠮᠢᠨᠢ ᠪᠤᠴᠠᠨ ᠢᠷᠡᠬᠦ ᠪᠣᠯᠣᠨ᠎ᠠ᠃)
14 ᠪᠢ ᠨᠠᠢᠵᠠ᠂ ᠠᠬ᠎ᠠ ᠳᠡᠭᠦᠦ ᠶᠢᠨ ᠢᠶᠠᠨ ᠲᠥᠯᠥᠭᠡ ᠮᠡᠲᠦ ᠲᠡᠳᠡᠨ ᠦ ᠲᠥᠯᠥᠭᠡ ᠡᠰᠢ ᠲᠡᠰᠢ ᠶᠠᠪᠤᠵᠤ ᠡᠬᠡ ᠶᠢᠨ ᠢᠶᠠᠨ ᠬᠣᠢᠨ᠎ᠠ ᠠᠴᠠ ᠭᠠᠰᠢᠭᠤᠳᠠᠳᠠᠭ ᠰᠢᠭ᠋ ᠢᠶᠠᠨ ᠭᠠᠰᠢᠭᠤᠳᠠᠨ ᠪᠥᠬᠥᠢᠭᠰᠡᠨ ᠪᠢᠯᠡ᠃
15 ᠬᠠᠷᠢᠨ ᠪᠦᠳᠦᠷᠢᠬᠦ ᠳᠦ ᠮᠢᠨᠢ ᠲᠡᠳᠡ ᠪᠠᠶᠠᠷᠯᠠᠨ ᠴᠤᠭᠯᠠᠷᠠᠪᠠ ᠮᠢᠨᠦ ᠲᠠᠨᠢᠳᠠᠭ ᠦᠭᠡᠢ ᠯᠤᠢᠪᠠᠷᠴᠢᠳ ᠮᠢᠨᠦ ᠡᠰᠡᠷᠭᠦ ᠴᠤᠭᠯᠠᠷᠠᠵᠤ ᠨᠠᠮᠠᠶᠢ ᠵᠣᠭᠰᠣᠭ᠎ᠠ ᠵᠠᠢ ᠦᠭᠡᠢ ᠲᠠᠷᠴᠢᠯᠠᠭᠠᠭᠰᠠᠨ᠂
16 ᠲᠡᠳᠡ ᠨᠠᠢᠷ ᠳᠡᠭᠡᠷᠡᠬᠢ ᠰᠦᠰᠦᠭ ᠦᠭᠡᠢ ᠲᠣᠬᠣᠭᠤᠷᠬᠠᠭᠴᠢ ᠮᠡᠲᠦ ᠮᠢᠨᠦ ᠡᠰᠡᠷᠭᠦ ᠰᠢᠳᠦ ᠪᠡᠨ ᠬᠠᠪᠢᠷᠤᠭᠰᠠᠨ᠃

17 ᠶᠣᠬᠣᠸᠠ᠂ ᠲᠠ ᠬᠡᠳᠦᠢ ᠪᠣᠯᠲᠠᠯ᠎ᠠ ᠬᠠᠷᠠᠭᠰᠠᠭᠠᠷ ᠪᠠᠢᠬᠤ ᠶᠤᠮ ᠪᠤᠢ︖ ᠠᠮᠢ ᠶᠢ ᠮᠢᠨᠢ ᠲᠡᠳᠡᠨ ᠦ ᠰᠦᠢᠷᠡᠭᠦᠯᠦᠯ ᠡᠴᠡ ᠦᠨᠡᠲᠦ ᠠᠮᠢ ᠶᠢ ᠮᠢᠨᠢ ᠲᠡᠳᠡᠭᠡᠷ ᠠᠷᠰᠯᠠᠨ ᠠᠴᠠ ᠠᠪᠤᠷᠠᠭᠠᠴᠢ︕
18 ᠶᠡᠬᠡ ᠴᠢᠭᠤᠯᠭᠠᠨ ᠳᠤ ᠪᠢ ᠲᠠᠨ ᠳᠤ ᠲᠠᠯᠠᠷᠬᠠᠯ ᠡᠷᠭᠦᠨ᠎ᠡ ᠦᠢ ᠣᠯᠠᠨ ᠤ ᠳᠤᠮᠳᠠ ᠪᠢ ᠲᠠᠨ ᠢ ᠮᠠᠭᠲᠠᠬᠤ ᠪᠣᠯᠣᠨ᠎ᠠ᠃
19 ᠤᠴᠢᠷ ᠦᠭᠡᠢ ᠪᠠᠷ ᠨᠠᠮᠠᠶᠢ ᠳᠠᠢᠰᠤᠩᠨᠠᠭᠴᠢᠳ ᠨᠠᠳᠠ ᠠᠴᠠ ᠪᠣᠯᠵᠤ ᠪᠦᠦ ᠪᠠᠶᠠᠰᠤᠭ ᠰᠢᠯᠲᠠᠭᠠᠨ ᠦᠭᠡᠢ ᠪᠠᠷ ᠨᠠᠮᠠᠶᠢ ᠵᠢᠭ᠍ᠰᠢᠭ᠍ᠴᠢᠳ ᠨᠢᠳᠦ ᠪᠡᠨ ᠪᠦᠦ ᠢᠷᠮᠡᠭ᠃
20 ᠲᠡᠳᠡ ᠠᠮᠤᠷ ᠠᠮᠤᠭᠤᠯᠠᠩ ᠢᠶᠠᠷ ᠶᠠᠷᠢᠳᠠᠭ ᠦᠭᠡᠢ ᠭᠠᠵᠠᠷ ᠳᠡᠭᠡᠷ᠎ᠡ ᠠᠨᠢᠷ ᠦᠭᠡᠢ ᠰᠠᠭᠤᠭᠴᠢᠳ ᠤᠨ ᠡᠰᠡᠷᠭᠦ ᠬᠠᠭᠤᠷᠮᠠᠭ ᠦᠭᠡᠰ ᠢ ᠵᠣᠬᠢᠶᠠᠨ᠎ᠠ᠃
21 ᠠᠮᠠ ᠪᠠᠨ ᠨᠠᠳᠠ ᠤᠷᠤᠭᠤ ᠠᠩ᠋ᠭᠠᠢᠯᠭᠠᠨ 《ᠠ᠂ ᠪᠢᠳᠡ ᠨᠢᠳᠦ ᠪᠡᠷ ᠢᠶᠠᠨ ᠬᠠᠷᠠᠭᠰᠠᠨ︕》 ᠭᠡᠵᠡᠭᠡᠨ᠎ᠡ᠃

22 ᠶᠣᠬᠣᠸᠠ᠂ ᠲᠠ ᠡᠭᠦᠨ ᠢ ᠬᠠᠷᠠᠭᠰᠠᠨ ᠪᠦᠦ ᠳᠠᠭᠤ ᠦᠭᠡᠢ ᠪᠠᠢᠭᠠᠴᠢ ᠡᠵᠡᠨ᠂ ᠨᠠᠳᠠ ᠠᠴᠠ ᠪᠦᠦ ᠬᠣᠯᠠ ᠪᠠᠢᠭᠠᠴᠢ᠃
23 ᠮᠢᠨᠦ ᠪᠤᠷᠬᠠᠨ᠂ ᠮᠢᠨᠦ ᠡᠵᠡᠨ᠂ ᠮᠢᠨᠦ ᠬᠡᠷᠡᠭ ᠦᠨ ᠲᠥᠯᠥᠭᠡ ᠰᠡᠷᠢᠭᠡᠳ ᠪᠣᠰᠴᠤ ᠨᠠᠮᠠᠶᠢ ᠥᠮᠥᠭᠯᠡᠭᠡᠴᠢ᠂
24 ᠮᠢᠨᠦ ᠪᠤᠷᠬᠠᠨ ᠶᠣᠬᠣᠸᠠ᠂ ᠵᠥᠪ ᠢᠶᠡᠷ ᠢᠶᠠᠨ ᠨᠠᠮᠠᠶᠢ ᠴᠠᠭᠠᠳᠬᠠᠭᠠᠴᠢ ᠲᠡᠳᠡ ᠮᠢᠨᠦ ᠤᠴᠢᠷ ᠢᠶᠠᠷ ᠪᠦᠦ ᠪᠠᠶᠠᠰᠤᠭ᠃
25 《ᠠ᠂ ᠬᠦᠰᠡᠭᠰᠡᠨ ᠢᠶᠡᠷ ᠮᠢᠨᠢ ᠪᠣᠯᠵᠠᠢ》 ᠭᠡᠵᠦ ᠲᠡᠳᠡ ᠵᠢᠷᠦᠬᠡᠨ ᠳᠡᠭᠡᠨ ᠪᠦᠦ ᠬᠡᠯᠡᠭ᠂ ᠪᠠᠰᠠ 《ᠪᠢᠳᠡ ᠲᠡᠭᠦᠨ ᠢ ᠵᠠᠯᠭᠢᠭᠰᠠᠨ︕》 ᠭᠡᠵᠦ ᠲᠡᠳᠡ ᠪᠦᠦ ᠬᠡᠯᠡᠭ᠃
26 ᠵᠣᠪᠠᠯᠠᠩ ᠳᠤ ᠮᠢᠨᠢ ᠪᠠᠶᠠᠰᠤᠭᠴᠢ ᠪᠦᠭᠦᠳᠡ ᠢᠴᠢᠵᠦ ᠭᠤᠲᠤᠷᠠᠭ ᠮᠢᠨᠦ ᠡᠮᠦᠨ᠎ᠡ ᠳᠡᠭᠡᠷᠡᠩᠭᠦᠢ ᠠᠪᠤᠷᠢᠯᠠᠭᠴᠢᠳ ᠲᠤ ᠢᠴᠢᠭᠦᠷᠢ ᠭᠤᠲᠤᠮᠰᠢᠭ ᠢ ᠨᠥᠮᠥᠷᠭᠡᠭᠡᠴᠢ᠃

27 ᠵᠥᠪᠲᠥᠭᠡᠯ ᠳᠦ ᠮᠢᠨᠢ ᠪᠠᠶᠠᠷᠯᠠᠭᠴᠢᠳ ᠪᠠᠶᠠᠰᠤᠨ ᠬᠠᠰᠬᠢᠷᠴᠤ᠂ ᠪᠠᠶᠠᠷᠯᠠᠨ ᠬᠥᠭᠡᠷᠦᠭ 《ᠵᠠᠷᠤᠴᠠ ᠶᠢᠨ ᠢᠶᠠᠨ ᠰᠠᠢᠨ ᠰᠠᠢᠬᠠᠨ ᠳᠤ ᠪᠠᠶᠠᠷᠯᠠᠳᠠᠭ ᠶᠣᠬᠣᠸᠠ ᠳᠡᠭᠡᠳᠦᠯᠡᠭᠳᠡᠬᠦ ᠪᠣᠯᠲᠤᠭᠠᠢ︕》 ᠭᠡᠵᠦ ᠦᠷᠭᠦᠯᠵᠢ ᠬᠡᠯᠡᠭ᠃
28 ᠬᠡᠯᠡ ᠮᠢᠨᠢ ᠲᠠᠨ ᠤ ᠵᠥᠪ ᠢ ᠲᠤᠩ᠋ᠬᠠᠭᠯᠠᠨ ᠲᠠᠨ ᠢ ᠡᠳᠦᠷᠵᠢᠨ ᠮᠠᠭᠲᠠᠨ᠎ᠠ᠃