ᠳᠡᠳ᠋ ᠬᠠᠤᠯᠢ ᠨᠢᠭᠡ
ᠣᠷᠣᠰᠢᠯ
1 ᠡᠳᠡᠭᠡᠷ ᠨᠢ ᠪᠦᠬᠦ ᠢᠰᠷᠧᠯ ᠳᠤ ᠮᠣᠰᠧ ᠶᠢᠨ ᠬᠡᠯᠡᠭᠰᠡᠨ ᠦᠭᠡᠰ ᠶᠤᠮ᠄ ᠲᠡᠷᠡ ᠦᠶ᠎ᠡ ᠳᠦ ᠲᠡᠳᠡ ᠶᠣᠷᠳᠠᠨ ᠭᠣᠣᠯ ᠤᠨ ᠵᠡᠭᠦᠨ ᠲᠠᠯ᠎ᠠ ᠶᠢᠨ ᠴᠥᠯ ᠳᠤ᠂ ᠲᠤᠬᠠᠢᠯᠠᠪᠠᠯ ᠰᠦᠹ ᠤᠨ ᠬᠠᠷᠠᠯᠳᠤᠭ᠎ᠠ ᠪᠠᠢᠭ᠎ᠠ ᠲᠠᠯ᠎ᠠ ᠳᠡᠭᠡᠷ᠎ᠡ᠂ ᠫᠠᠷᠠᠨ ᠬᠢᠭᠡᠳ ᠲᠣᠹᠧᠯ᠂ ᠯᠠᠪᠠᠨ᠂ ᠬᠠᠽᠧᠷᠣᠲ᠂ ᠳ᠋ᠢᠽᠠᠬᠠ ᠶᠢᠨ ᠬᠣᠭᠣᠷᠣᠨᠳᠣ ᠪᠠᠢᠭᠰᠠᠨ᠃ 2 ᠬᠣᠷᠧᠪ ᠠᠭᠤᠯᠠᠨ ᠠᠴᠠ ᠰᠧᠷ ᠠᠭᠤᠯᠠ ᠪᠠᠷ ᠳᠠᠭᠠᠷᠢᠨ ᠺᠠᠳᠧᠱ ᠪᠠᠷᠨᠧᠶ᠎ᠠ ᠬᠦᠷᠬᠦ ᠳᠦ ᠠᠷᠪᠠᠨ ᠨᠢᠭᠡ ᠬᠣᠨᠣᠭ ᠶᠠᠪᠤᠳᠠᠭ᠃ 3 ᠳᠥᠴᠢᠳᠡᠬᠢ ᠵᠢᠯ ᠤᠨ ᠠᠷᠪᠠᠨ ᠨᠢᠭᠡᠳᠦᠭᠡᠷ ᠰᠠᠷ᠎ᠠ ᠶᠢᠨ ᠨᠢᠭᠡᠨ ᠦ ᠡᠳᠦᠷ ᠮᠣᠰᠧ ᠶᠣᠬᠣᠸᠠ ᠶᠢᠨ ᠢᠰᠷᠧᠯᠴᠦᠳ ᠲᠦ ᠬᠡᠯᠡ ᠭᠡᠵᠦ ᠲᠤᠰᠢᠶᠠᠭᠰᠠᠨ ᠪᠦᠬᠦᠨ ᠢ ᠲᠡᠳᠡᠨ ᠳᠦ ᠲᠤᠩ᠋ᠬᠠᠭᠯᠠᠪᠠ᠃ 4 ᠡᠨᠡ ᠨᠢ ᠮᠣᠰᠧ ᠾᠧᠱᠪᠣᠨ ᠳᠤ ᠰᠠᠭᠤᠵᠤ ᠪᠠᠢᠭᠰᠠᠨ ᠠᠮᠣᠷᠢᠴᠤᠳ ᠤᠨ ᠬᠠᠭᠠᠨ ᠰᠢᠬᠣᠨ ᠢ ᠪᠤᠲᠠ ᠴᠣᠬᠢᠵᠤ᠂ ᠠᠱᠲ᠋ᠠᠷᠣᠲ ᠪᠣᠯᠣᠨ ᠡᠳ᠋ᠷᠧᠢ ᠳᠤ ᠰᠠᠭᠤᠵᠤ ᠪᠠᠢᠭᠰᠠᠨ ᠪᠠᠱᠠᠨ ᠤ ᠬᠠᠭᠠᠨ ᠣᠭ ᠢ ᠪᠤᠲᠠ ᠴᠣᠬᠢᠭᠰᠠᠨ ᠤ ᠳᠠᠷᠠᠭ᠎ᠠ ᠪᠣᠯᠣᠭᠰᠠᠨ ᠶᠠᠪᠤᠳᠠᠯ ᠶᠤᠮ᠃ 5 ᠶᠣᠷᠳᠠᠨ ᠤ ᠵᠡᠭᠦᠨ ᠲᠠᠯ᠎ᠠ ᠳᠤ᠂ ᠮᠣᠶᠠᠪ ᠤᠨ ᠨᠤᠲᠤᠭ ᠲᠤ ᠮᠣᠰᠧ ᠡᠨᠡ ᠬᠠᠤᠯᠢ ᠶᠢ ᠲᠠᠢᠯᠪᠤᠷᠢᠯᠠᠵᠤ ᠡᠬᠢᠯᠡᠵᠡᠢ᠄
ᠬᠣᠷᠧᠪ ᠠᠭᠤᠯᠠᠨ ᠠᠴᠠ ᠬᠥᠳᠡᠯᠪᠡ
6 ᠪᠢᠳᠡᠨ ᠦ ᠪᠤᠷᠬᠠᠨ ᠶᠣᠬᠣᠸᠠ ᠬᠣᠷᠧᠪ ᠠᠭᠤᠯᠠᠨ ᠳᠤ ᠪᠢᠳᠡᠨ ᠳᠦ ᠠᠢᠯᠠᠳᠬᠤ ᠳᠠᠭᠠᠨ᠄ 《ᠲᠠ ᠨᠠᠷ ᠡᠨᠡ ᠠᠭᠤᠯᠠᠨ ᠳᠤ ᠶᠡᠬᠡ ᠤᠳᠠᠭᠠᠨ ᠰᠠᠭᠤᠯ᠎ᠠ᠃ 7 ᠳᠠᠬᠢᠨ ᠠᠶᠠᠨ ᠳᠤ ᠭᠠᠷᠴᠤ ᠠᠮᠣᠷᠢᠴᠤᠳ ᠤᠨ ᠠᠭᠤᠯᠠᠷᠬᠠᠭ ᠨᠤᠲᠤᠭ ᠤᠷᠤᠭᠤ᠂ ᠮᠥᠨ ᠲᠡᠭᠦᠨ ᠦ ᠬᠥᠷᠰᠢ ᠵᠡᠷᠭᠡᠯᠡᠳᠡᠭᠡᠬᠢ ᠲᠠᠯ᠎ᠠ᠂ ᠠᠭᠤᠯᠠᠷᠬᠠᠭ ᠨᠤᠲᠤᠭ᠂ ᠥᠷᠥᠨ᠎ᠡ ᠶᠢᠨ ᠳᠣᠪᠣ ᠲᠣᠯᠣᠭᠠᠳ᠂ ᠡᠮᠦᠨ᠎ᠡ ᠪᠦᠰᠡ ᠨᠤᠲᠤᠭ᠂ ᠳᠠᠯᠠᠢ ᠶᠢᠨ ᠬᠥᠪᠡᠭᠡ᠂ ᠺᠠᠨᠠᠨᠴᠤᠳ ᠤᠨ ᠨᠤᠲᠤᠭ᠂ ᠯᠧᠪᠠᠨᠣᠨ᠂ ᠴᠠᠭᠠᠰᠢᠯᠠᠨ ᠶᠡᠬᠡ ᠮᠥᠷᠡᠨ ᠡᠶᠦ᠋ᠹᠷᠠᠲ᠋ᠧᠰ ᠬᠦᠷᠲᠡᠯ᠎ᠡ ᠶᠠᠪᠤᠵᠠᠭ᠎ᠠ᠃ 8 ᠬᠠᠷ᠎ᠠ᠂ ᠪᠢ ᠲᠠ ᠨᠠᠷ ᠤᠨ ᠡᠮᠦᠨ᠎ᠡ ᠲᠡᠷᠡ ᠨᠤᠲᠤᠭ ᠢ ᠲᠠᠯᠪᠢᠯ᠎ᠠ︕ ᠲᠠ ᠨᠠᠷ ᠶᠠᠪᠤᠵᠤ ᠲᠡᠷᠡ ᠭᠠᠵᠠᠷ ᠢ ᠡᠵᠡᠮᠰᠢ᠂ ᠶᠣᠬᠣᠸᠠ ᠪᠢ ᠲᠡᠷᠡ ᠨᠤᠲᠤᠭ ᠢ ᠲᠠ ᠨᠠᠷ ᠤᠨ ᠡᠴᠢᠭᠡ ᠡᠪᠦᠭᠡᠳ ᠠᠪᠷᠠᠬᠠᠮ᠂ ᠢᠰᠠᠺ᠂ ᠶᠠᠺᠣᠪ ᠪᠣᠯᠣᠨ ᠲᠡᠳᠡᠨ ᠦ ᠦᠷ᠎ᠡ ᠤᠳᠤᠮ ᠳᠤ ᠥᠭᠬᠦ ᠪᠡᠷ ᠲᠠᠩ᠋ᠭᠠᠷᠢᠭᠯᠠᠭᠰᠠᠨ ᠶᠤᠮ》 ᠭᠡᠪᠡ᠃
ᠤᠳᠤᠷᠢᠳᠤᠭᠴᠢᠳ ᠢ ᠲᠣᠮᠢᠯᠠᠪᠠ
9 ᠪᠢ ᠲᠡᠷᠡ ᠦᠶ᠎ᠡ ᠳᠦ ᠲᠠ ᠨᠠᠷ ᠲᠤ᠄ 《ᠪᠢ ᠲᠠ ᠨᠠᠷ ᠢ ᠭᠠᠭᠴᠠᠭᠠᠷ ᠢᠶᠠᠨ ᠳᠠᠭᠠᠭᠠᠵᠤ ᠴᠢᠳᠠᠬᠤ ᠦᠭᠡᠢ᠂ 10 ᠲᠠ ᠨᠠᠷ ᠤᠨ ᠪᠤᠷᠬᠠᠨ ᠶᠣᠬᠣᠸᠠ ᠲᠠ ᠨᠠᠷ ᠢ ᠥᠨᠢᠷ ᠣᠯᠠᠨ ᠪᠣᠯᠭᠠᠭᠰᠠᠨ ᠶᠤᠮ᠃ ᠬᠠᠷ᠎ᠠ᠂ ᠥᠨᠥᠳᠥᠷ ᠲᠠ ᠨᠠᠷ ᠲᠩᠷᠢ ᠶᠢᠨ ᠣᠳᠣᠳ ᠮᠡᠲᠦ ᠥᠨᠢᠷ ᠣᠯᠠᠨ ᠪᠣᠯᠵᠠᠢ︕ 11 ᠲᠠᠨ ᠤ ᠡᠴᠢᠭᠡ ᠡᠪᠦᠭᠡᠳ ᠦᠨ ᠪᠤᠷᠬᠠᠨ ᠶᠣᠬᠣᠸᠠ ᠲᠠ ᠨᠠᠷ ᠢ ᠮᠢᠩ᠋ᠭ᠎ᠠ ᠳᠠᠬᠢᠨ ᠨᠡᠮᠡᠭᠳᠡᠭᠦᠯᠵᠦ᠂ ᠠᠮᠠᠯᠠᠭᠰᠠᠨ ᠶᠣᠰᠣᠭᠠᠷ ᠢᠶᠠᠨ ᠲᠠ ᠨᠠᠷ ᠢ ᠢᠷᠥᠭᠡᠬᠦ ᠪᠣᠯᠲᠤᠭᠠᠢ᠃ 12 ᠬᠠᠷᠢᠨ ᠪᠢ ᠭᠠᠭᠴᠠᠭᠠᠷ ᠢᠶᠠᠨ ᠲᠠ ᠨᠠᠷ ᠤᠨ ᠲᠡᠭᠡᠭᠡᠷ᠎ᠡ ᠳᠠᠷᠤᠭᠠᠰᠤ᠂ ᠬᠡᠷᠡᠭᠦᠯ ᠮᠠᠷᠭᠤᠭᠠᠨ ᠢ ᠶᠠᠭᠠᠬᠢᠵᠤ ᠡᠭᠦᠷᠴᠦ ᠳᠠᠭᠠᠭᠠᠬᠤ ᠶᠤᠮ ᠪᠤᠢ︖ 13 ᠲᠠ ᠨᠠᠷ ᠣᠪᠣᠭ ᠪᠦᠷᠢ ᠡᠴᠡ ᠪᠡᠨ ᠰᠡᠴᠡᠨ ᠮᠡᠷᠭᠡᠨ᠂ ᠨᠡᠷ᠎ᠡ ᠬᠦᠨᠳᠦᠲᠡᠢ ᠬᠥᠮᠦᠰ ᠢ ᠰᠣᠩ᠋ᠭᠣᠭᠲᠤᠨ᠂ ᠪᠢ ᠲᠡᠳᠡᠨ ᠢ ᠲᠠ ᠨᠠᠷ ᠤᠨ ᠲᠡᠷᠢᠭᠦᠨ ᠢᠶᠡᠷ ᠲᠣᠮᠢᠯᠠᠶᠠ》 ᠭᠡᠰᠡᠨ ᠳᠦ᠂ 14 ᠲᠠ ᠨᠠᠷ᠄ 《ᠲᠠᠨ ᠤ ᠬᠡᠯᠡᠭᠰᠡᠨ ᠶᠣᠰᠣᠭᠠᠷ ᠬᠢᠬᠦ ᠨᠢ ᠵᠦᠢᠲᠡᠢ》 ᠭᠡᠵᠦ ᠬᠠᠷᠢᠭᠤᠯᠤᠭᠰᠠᠨ᠃ 15 ᠡᠢᠮᠦ ᠡᠴᠡ ᠪᠢ ᠲᠠᠨ ᠤ ᠣᠪᠣᠭ ᠪᠦᠷᠢ ᠶᠢᠨ ᠲᠡᠷᠢᠭᠦᠨ ᠨᠦᠭᠦᠳ᠂ ᠮᠡᠷᠭᠡᠨ ᠪᠥᠭᠡᠳ ᠨᠡᠷ᠎ᠡ ᠬᠦᠨᠳᠦᠲᠡᠢ ᠬᠥᠮᠦᠰ ᠢ ᠠᠪᠴᠤ᠂ ᠮᠢᠩ᠋ᠭᠠᠲᠤ᠂ ᠵᠠᠭᠤᠲᠤ᠂ ᠲᠠᠪᠢᠲᠤ᠂ ᠠᠷᠪᠠᠲᠤ ᠶᠢᠨ ᠳᠠᠷᠤᠭ᠎ᠠ᠂ ᠣᠪᠣᠭ ᠤᠨ ᠳᠠᠭᠠᠭᠠᠮᠠᠯ ᠵᠡᠷᠭᠡ ᠶᠢᠨ ᠤᠳᠤᠷᠢᠳᠬᠤ ᠪᠠᠢᠷᠢᠨ ᠳᠤ ᠲᠣᠮᠢᠯᠠᠭᠰᠠᠨ᠃
16 ᠪᠢ ᠲᠡᠷᠡ ᠦᠶ᠎ᠡ ᠳᠦ ᠰᠢᠭᠦᠭᠴᠢᠳ ᠲᠤ ᠴᠢᠨᠢ ᠲᠤᠰᠢᠶᠠᠵᠤ᠄ 《ᠲᠠ ᠨᠠᠷ ᠠᠬ᠎ᠠ ᠳᠡᠭᠦᠦᠰ ᠦᠨ ᠢᠶᠠᠨ ᠬᠣᠭᠣᠷᠣᠨᠳᠣᠬᠢ ᠬᠡᠷᠡᠭ ᠢ ᠰᠣᠨᠣᠰᠣᠭᠠᠳ᠂ ᠢᠰᠷᠧᠯ ᠠᠬ᠎ᠠ ᠳᠡᠭᠦᠦ ᠨᠠᠷ ᠤᠨ ᠢᠶᠠᠨ ᠬᠣᠭᠣᠷᠣᠨᠳᠣᠬᠢ ᠬᠡᠷᠡᠭ ᠢ ᠴᠤ᠂ ᠮᠥᠨ ᠥᠪᠡᠷ ᠦᠨ ᠠᠬ᠎ᠠ ᠳᠡᠭᠦᠦ ᠨᠠᠷ ᠬᠢᠭᠡᠳ ᠬᠠᠷᠢ ᠶᠢᠨ ᠬᠥᠮᠦᠨ ᠦ ᠬᠣᠭᠣᠷᠣᠨᠳᠣᠬᠢ ᠬᠡᠷᠡᠭ ᠢ ᠴᠤ ᠵᠥᠪ ᠰᠢᠳᠤᠷᠭᠤ ᠪᠠᠷ ᠰᠢᠭᠦᠭᠡᠷᠡᠢ᠃ 17 ᠲᠠ ᠨᠠᠷ ᠰᠢᠭᠦᠬᠦ ᠳᠡᠭᠡᠨ ᠨᠢᠭᠤᠷ ᠲᠠᠯ᠎ᠠ ᠪᠦᠦ ᠬᠠᠷ᠎ᠠ᠃ ᠡᠷᠬᠢᠮ ᠳᠣᠣᠷᠠᠳᠤᠰ ᠭᠡᠵᠦ ᠢᠯᠭᠠᠯ ᠦᠭᠡᠢ ᠠᠳᠠᠯᠢᠬᠠᠨ ᠰᠣᠨᠣᠰᠣᠭᠠᠷᠠᠢ᠃ ᠬᠥᠮᠦᠨ ᠡᠴᠡ ᠪᠦᠦ ᠠᠶᠤ᠃ ᠰᠢᠭᠦᠬᠦ ᠨᠢ ᠪᠤᠷᠬᠠᠨ ᠤ ᠬᠢ᠃ ᠥᠪᠡᠷᠰᠡᠳ ᠢᠶᠡᠨ ᠰᠢᠢᠳᠴᠦ ᠴᠢᠳᠠᠬᠤ ᠦᠭᠡᠢ ᠬᠡᠴᠡᠭᠦᠦ ᠬᠡᠷᠡᠭ ᠢᠶᠡᠨ ᠨᠠᠳᠠ ᠳᠤ ᠠᠪᠴᠢᠷᠠ᠂ ᠪᠢ ᠲᠡᠭᠦᠨ ᠢ ᠴᠢᠨᠢ ᠰᠣᠨᠣᠰᠣᠶ᠎ᠠ》 ᠭᠡᠰᠡᠨ᠃ 18 ᠲᠡᠢᠨ ᠬᠦ ᠪᠢ ᠲᠠ ᠨᠠᠷ ᠤᠨ ᠬᠢᠬᠦ ᠶᠣᠰᠣᠲᠠᠢ ᠪᠦᠭᠦᠳᠡ ᠶᠢ ᠲᠡᠷᠡ ᠦᠶ᠎ᠡ ᠳᠦ ᠲᠠ ᠨᠠᠷ ᠲᠤ ᠲᠤᠰᠢᠶᠠᠭᠰᠠᠨ ᠪᠢᠯᠡ᠃
ᠢᠰᠷᠧᠯᠴᠦᠳ ᠠᠮᠠᠯᠠᠭᠰᠠᠨ ᠨᠤᠲᠤᠭ ᠲᠤ ᠣᠷᠣᠬᠤ ᠠᠴᠠ ᠲᠠᠲᠠᠭᠠᠯᠵᠠᠪᠠ
19 ᠶᠣᠬᠣᠸᠠ ᠪᠤᠷᠬᠠᠨ ᠤ ᠪᠠᠨ ᠪᠢᠳᠡᠨ ᠳᠦ ᠲᠤᠰᠢᠶᠠᠭᠰᠠᠨ ᠶᠣᠰᠣᠭᠠᠷ ᠪᠢᠳᠡ ᠬᠣᠷᠧᠪ ᠡᠴᠡ ᠬᠥᠳᠡᠯᠵᠦ᠂ ᠲᠠ ᠨᠠᠷ ᠤᠨ ᠬᠠᠷᠠᠭᠰᠠᠨ ᠠᠶᠤᠮᠰᠢᠭᠲᠤ ᠥᠷᠭᠡᠨ ᠴᠥᠯ ᠢ ᠨᠡᠪᠲᠡ ᠲᠤᠭᠤᠯᠤᠨ᠂ ᠠᠮᠣᠷᠢᠴᠤᠳ ᠤᠨ ᠠᠭᠤᠯᠠᠷᠬᠠᠭ ᠨᠤᠲᠤᠭ ᠲᠤ ᠬᠦᠷᠬᠦ ᠵᠠᠮ ᠢᠶᠠᠷ ᠺᠠᠳᠧᠱ ᠪᠠᠷᠨᠧᠶ᠎ᠠ ᠳᠤ ᠢᠷᠡᠭᠰᠡᠨ ᠪᠢᠯᠡ᠃ 20 ᠲᠡᠭᠡᠬᠦ ᠳᠦ ᠪᠢ ᠲᠠ ᠨᠠᠷ ᠲᠤ ᠬᠡᠯᠡᠨ᠄ 《ᠪᠢᠳᠡᠨ ᠦ ᠪᠤᠷᠬᠠᠨ ᠶᠣᠬᠣᠸᠠ ᠶᠢᠨ ᠪᠢᠳᠡᠨ ᠳᠦ ᠥᠭᠬᠦ ᠭᠡᠵᠦ ᠪᠠᠢᠭ᠎ᠠ ᠠᠮᠣᠷᠢᠴᠤᠳ ᠤᠨ ᠠᠭᠤᠯᠠᠷᠬᠠᠭ ᠨᠤᠲᠤᠭ ᠲᠤ ᠲᠠ ᠨᠠᠷ ᠬᠦᠷᠴᠦ ᠢᠷᠡᠭᠰᠡᠨ ᠪᠠᠢᠨ᠎ᠠ᠃ 21 ᠬᠠᠷ᠎ᠠ᠂ ᠲᠡᠷᠡ ᠨᠤᠲᠤᠭ ᠢ ᠶᠣᠬᠣᠸᠠ ᠪᠤᠷᠬᠠᠨ ᠴᠢᠨᠢ ᠲᠠ ᠨᠠᠷ ᠤᠨ ᠡᠮᠦᠨ᠎ᠡ ᠲᠠᠯᠪᠢᠭᠰᠠᠨ︕ ᠡᠴᠢᠭᠡ ᠡᠪᠦᠭᠡᠳ ᠦᠨ ᠴᠢᠨᠢ ᠪᠤᠷᠬᠠᠨ ᠶᠣᠬᠣᠸᠠ ᠴᠢᠮ᠎ᠠ ᠳᠤ ᠠᠮᠠᠯᠠᠭᠰᠠᠨ ᠲᠤᠯᠠ ᠶᠠᠪᠤᠵᠤ᠂ ᠲᠡᠭᠦᠨ ᠢ ᠡᠵᠡᠮᠰᠢ᠃ ᠪᠦᠦ ᠠᠶᠤ᠂ ᠪᠦᠦ ᠰᠢᠨᠲᠠᠷᠠ》 ᠭᠡᠰᠡᠨ ᠪᠢᠯᠡ᠃
22 ᠲᠡᠭᠡᠬᠦ ᠳᠦ ᠲᠠ ᠪᠦᠬᠦᠨ ᠨᠠᠳᠠ ᠤᠷᠤᠭᠤ ᠳᠥᠭᠥᠵᠦ ᠢᠷᠡᠭᠡᠳ᠄ 《ᠪᠢᠳᠡ ᠡᠮᠦᠨ᠎ᠡ ᠪᠡᠨ ᠬᠥᠮᠦᠰ ᠢ ᠶᠠᠪᠤᠭᠤᠯᠤᠶ᠎ᠠ᠃ ᠲᠡᠳᠡ ᠲᠡᠷᠡ ᠭᠠᠵᠠᠷ ᠢ ᠲᠠᠩᠨᠠᠭᠠᠳ ᠶᠠᠮᠠᠷ ᠵᠠᠮ ᠢᠶᠠᠷ ᠣᠴᠢᠬᠤ᠂ ᠶᠠᠮᠠᠷ ᠬᠣᠲᠠ ᠤᠷᠤᠭᠤ ᠣᠷᠣᠬᠤ ᠲᠤᠬᠠᠢ ᠬᠡᠯᠡ ᠮᠡᠳᠡᠭᠡ ᠶᠢ ᠪᠢᠳᠡᠨ ᠳᠦ ᠠᠪᠴᠢᠷᠠᠬᠤ ᠪᠣᠯᠣᠨ᠎ᠠ》 ᠭᠡᠵᠦ ᠬᠡᠯᠡᠵᠡᠭᠡᠭᠰᠡᠨ᠃ 23 ᠲᠡᠷᠡ ᠦᠭᠡ ᠨᠠᠳᠠ ᠳᠤ ᠴᠤ ᠵᠦᠢᠲᠡᠢ ᠰᠠᠨᠠᠭᠳᠠᠵᠠᠢ᠃ ᠪᠢ ᠣᠪᠣᠭ ᠪᠦᠷᠢ ᠡᠴᠡ ᠨᠢᠭᠡ ᠬᠥᠮᠦᠨ᠂ ᠪᠦᠭᠦᠳᠡ ᠠᠷᠪᠠᠨ ᠬᠣᠶᠠᠷ ᠬᠥᠮᠦᠨ ᠢ ᠰᠣᠩ᠋ᠭᠣᠵᠤ ᠠᠪᠤᠭᠰᠠᠨ᠃ 24 ᠲᠡᠳᠡ ᠲᠡᠨᠳᠡ ᠡᠴᠡ ᠪᠡᠨ ᠬᠥᠳᠡᠯᠵᠦ᠂ ᠠᠭᠤᠯᠠᠷᠬᠠᠭ ᠨᠤᠲᠤᠭ ᠥᠭᠡᠳᠡ ᠶᠠᠪᠤᠭᠠᠳ ᠡᠱᠺᠣᠯ ᠤᠨ ᠬᠥᠨᠳᠡᠢ ᠳᠦ ᠬᠦᠷᠴᠦ ᠲᠠᠩᠨᠠᠭᠠᠳ᠂ 25 ᠲᠡᠷᠡ ᠨᠤᠲᠤᠭ ᠤᠨ ᠵᠢᠮᠢᠰ ᠡᠴᠡ ᠭᠠᠷ ᠲᠠᠭᠠᠨ ᠪᠠᠷᠢᠵᠤ ᠪᠤᠴᠠᠵᠤ ᠢᠷᠡᠭᠡᠳ ᠪᠢᠳᠡᠨ ᠳᠦ᠄ 《ᠪᠢᠳᠡᠨ ᠦ ᠪᠤᠷᠬᠠᠨ ᠶᠣᠬᠣᠸᠠ ᠶᠢᠨ ᠪᠢᠳᠡᠨ ᠳᠦ ᠥᠭᠬᠦ ᠭᠡᠵᠦ ᠪᠠᠢᠭ᠎ᠠ ᠲᠡᠷᠡ ᠨᠤᠲᠤᠭ ᠰᠠᠢᠬᠠᠨ ᠭᠠᠵᠠᠷ ᠪᠠᠢᠨ᠎ᠠ》 ᠭᠡᠰᠡᠨ ᠮᠡᠳᠡᠭᠡ ᠶᠢ ᠠᠪᠴᠢᠷᠠᠭᠰᠠᠨ ᠶᠤᠮ᠃
26 ᠭᠡᠪᠡᠴᠦ ᠲᠠ ᠨᠠᠷ ᠲᠡᠰᠢ ᠭᠠᠷᠴᠤ ᠶᠠᠪᠤᠬᠤ ᠠᠴᠠ ᠪᠠᠨ ᠳᠤᠷ᠎ᠠ ᠦᠭᠡᠶᠢᠴᠡᠵᠦ᠂ ᠶᠣᠬᠣᠸᠠ ᠪᠤᠷᠬᠠᠨ ᠤ ᠪᠠᠨ ᠲᠤᠰᠢᠶᠠᠯ ᠤᠨ ᠡᠰᠡᠷᠭᠦ ᠲᠡᠷᠰᠯᠡᠭᠰᠡᠨ ᠪᠢᠯᠡ᠃ 27 ᠲᠠ ᠨᠠᠷ ᠮᠠᠢᠬᠠᠨ ᠳᠣᠲᠣᠷ᠎ᠠ ᠪᠠᠨ ᠭᠣᠮᠣᠳᠠᠯ ᠭᠠᠷᠭᠠᠨ᠄ 《ᠶᠣᠬᠣᠸᠠ ᠪᠢᠳᠡᠨ ᠢ ᠦᠵᠡᠨ ᠶᠠᠳᠠᠳᠠᠭ ᠤᠴᠢᠷ ᠠᠴᠠ ᠠᠮᠣᠷᠢᠴᠤᠳ ᠤᠨ ᠭᠠᠷ ᠲᠤ ᠲᠤᠰᠢᠶᠠᠨ ᠤᠰᠠᠳᠬᠠᠯᠭᠠᠬᠤ ᠶᠢᠨ ᠲᠤᠯᠠᠳᠠ ᠪᠢᠳᠡᠨ ᠢ ᠶᠧᠵᠢᠫᠲ ᠡᠴᠡ ᠠᠪᠴᠢᠷᠠᠭᠰᠠᠨ ᠪᠠᠢᠨ᠎ᠠ᠃ 28 ᠣᠳᠣ ᠪᠢᠳᠡ ᠬᠠᠮᠢᠭ᠎ᠠ ᠣᠴᠢᠬᠤ ᠨᠢ ᠪᠤᠢ︖ ᠠᠬ᠎ᠠ ᠳᠡᠭᠦᠦ ᠨᠠᠷ ᠮᠠᠨᠢ ᠪᠢᠳᠡᠨ ᠦ ᠵᠢᠷᠦᠬᠡ ᠶᠢ ᠮᠣᠬᠣᠭᠠᠭᠰᠠᠨ᠃ ᠲᠡᠳᠡ᠄ 〈ᠲᠡᠨᠳᠡᠬᠢ ᠶᠢᠨ ᠬᠥᠮᠦᠰ ᠪᠢᠳᠡᠨ ᠡᠴᠡ ᠠᠪᠤᠷᠭᠤ᠂ ᠥᠨᠳᠥᠷ ᠪᠥᠭᠡᠳ ᠬᠣᠲᠠ ᠨᠤᠭᠤᠳ ᠨᠢ ᠴᠤ ᠮᠠᠰᠢ ᠲᠣᠮᠣ᠂ ᠲᠩᠷᠢ ᠲᠤᠯᠤᠭᠰᠠᠨ ᠬᠡᠷᠡᠮ ᠲᠡᠢ᠃ ᠪᠢᠳᠡ ᠲᠡᠨᠳᠡ ᠠᠨᠠᠺᠴᠤᠳ ᠢ ᠴᠤ ᠬᠠᠷᠠᠭᠰᠠᠨ〉 ᠭᠡᠰᠡᠨ》 ᠭᠡᠵᠡᠭᠡᠭᠰᠡᠨ ᠶᠤᠮ᠃ 29 ᠬᠠᠷᠢᠨ ᠪᠢ ᠲᠠ ᠨᠠᠷ ᠲᠤ᠄ 《ᠪᠦᠦ ᠰᠠᠨᠳᠤᠷ᠂ ᠲᠡᠳᠡᠨ ᠡᠴᠡ ᠪᠦᠦ ᠠᠶᠤ᠃ 30 ᠲᠠ ᠨᠠᠷ ᠤᠨ ᠪᠤᠷᠬᠠᠨ ᠶᠣᠬᠣᠸᠠ ᠲᠠ ᠨᠠᠷ ᠤᠨ ᠡᠮᠦᠨ᠎ᠡ ᠶᠠᠪᠤᠳᠠᠭ᠃ ᠲᠡᠷᠡ ᠪᠡᠷ ᠶᠧᠵᠢᠫᠲ ᠲᠤ ᠲᠠ ᠨᠠᠷ ᠤᠨ ᠲᠥᠯᠥᠭᠡ ᠨᠢᠳᠦᠨ ᠦ ᠴᠢᠨᠢ ᠡᠮᠦᠨ᠎ᠡ ᠦᠢᠯᠡᠳᠦᠭᠰᠡᠨ ᠲᠡᠢ ᠪᠡᠨ ᠠᠳᠠᠯᠢ ᠣᠳᠣ ᠴᠤ ᠲᠠ ᠨᠠᠷ ᠤᠨ ᠲᠥᠯᠥᠭᠡ ᠥᠪᠡᠷ ᠢᠶᠡᠨ ᠲᠡᠮᠡᠴᠡᠬᠦ ᠪᠣᠯᠣᠨ᠎ᠠ᠃ 31 ᠲᠠ ᠨᠠᠷ ᠤᠨ ᠪᠤᠷᠬᠠᠨ ᠶᠣᠬᠣᠸᠠ ᠡᠴᠢᠭᠡ ᠬᠥᠮᠦᠨ ᠬᠦᠦ ᠪᠡᠨ ᠡᠭᠦᠷᠳᠡᠭ ᠰᠢᠭ ᠴᠥᠯ ᠳᠤ᠂ ᠮᠥᠨ ᠡᠨᠡ ᠭᠠᠵᠠᠷ ᠲᠤ ᠢᠷᠡᠲᠡᠯᠡᠬᠢ ᠪᠦᠬᠦ ᠠᠶᠠᠨ ᠵᠠᠮ ᠳᠤ ᠴᠢᠨᠢ ᠲᠠ ᠨᠠᠷ ᠢ ᠲᠡᠢᠨ ᠬᠦ ᠡᠭᠦᠷᠴᠦ ᠳᠡᠭᠦᠷᠴᠦ ᠢᠷᠡᠭᠰᠡᠨ ᠢ ᠲᠠ ᠨᠠᠷ ᠬᠠᠷᠠᠭᠰᠠᠨ》 ᠭᠡᠪᠡ᠃ 32 ᠲᠡᠢᠮᠦ ᠪᠣᠯᠪᠠᠴᠤ ᠲᠠ ᠨᠠᠷ ᠶᠣᠬᠣᠸᠠ ᠪᠤᠷᠬᠠᠨ ᠳᠠᠭᠠᠨ ᠢᠲᠡᠭᠡᠭᠰᠡᠨ ᠦᠭᠡᠢ᠃ 33 ᠲᠡᠷᠡ ᠪᠠᠭᠤᠳᠠᠯᠯᠠᠬᠤ ᠭᠠᠵᠠᠷ ᠢ ᠲᠠᠨᠢ ᠣᠯᠵᠤ ᠥᠭᠬᠦ ᠶᠢᠨ ᠲᠤᠯᠠᠳᠠ ᠰᠥᠨᠢ ᠭᠠᠯ ᠢᠶᠠᠷ᠂ ᠶᠠᠪᠤᠬᠤ ᠵᠠᠮ ᠢ ᠲᠠᠨᠢ ᠵᠢᠭᠠᠵᠤ ᠥᠭᠬᠦ ᠶᠢᠨ ᠲᠤᠯᠠᠳᠠ ᠡᠳᠦᠷ ᠡᠭᠦᠯᠡ ᠪᠡᠷ ᠲᠠ ᠨᠠᠷ ᠤᠨ ᠡᠮᠦᠨ᠎ᠡ ᠶᠠᠪᠤᠳᠠᠭ ᠪᠠᠢᠭᠰᠠᠨ᠃
ᠲᠡᠷᠰᠯᠡᠭᠰᠡᠨ ᠦ ᠦᠷ᠎ᠡ ᠳ᠋ᠦᠩ
34 ᠶᠣᠬᠣᠸᠠ ᠲᠠ ᠨᠠᠷ ᠤᠨ ᠦᠭᠡ ᠶᠢ ᠰᠣᠨᠣᠰᠣᠭᠠᠳ ᠬᠢᠯᠢᠩᠨᠡᠵᠦ᠂ ᠲᠠᠩ᠋ᠭᠠᠷᠢᠭᠯᠠᠨ ᠠᠢᠯᠠᠳᠬᠤ ᠳᠠᠭᠠᠨ᠄ 35 《ᠡᠨᠡ ᠮᠠᠭᠤᠬᠠᠢ ᠦᠶ᠎ᠡ ᠶᠢᠨ ᠬᠢᠨ ᠤ ᠳᠤᠮᠳᠠ ᠠᠴᠠ ᠬᠡᠨ ᠴᠤ ᠲᠠᠨ ᠤ ᠡᠴᠢᠭᠡ ᠡᠪᠦᠭᠡᠳ ᠲᠦ ᠥᠭᠬᠦ ᠪᠡᠷ ᠮᠢᠨᠦ ᠲᠠᠩ᠋ᠭᠠᠷᠢᠭᠯᠠᠭᠰᠠᠨ ᠰᠠᠢᠬᠠᠨ ᠭᠠᠵᠠᠷ ᠢ ᠦᠵᠡᠬᠦ ᠦᠭᠡᠢ᠃ 36 ᠭᠠᠭᠴᠠ ᠬᠦ ᠶᠧᠹᠦ᠋ᠨᠧ ᠶᠢᠨ ᠬᠦᠦ ᠺᠠᠯᠧᠪ ᠲᠡᠷᠡ ᠭᠠᠵᠠᠷ ᠢ ᠦᠵᠡᠬᠦ ᠪᠣᠯᠣᠨ᠎ᠠ᠃ ᠲᠡᠷᠡ ᠶᠣᠬᠣᠸᠠ ᠨᠠᠮᠠᠶᠢ ᠪᠦᠷᠢᠨ ᠳᠠᠭᠠᠭᠰᠠᠨ ᠲᠤᠯᠠ ᠲᠡᠭᠦᠨ ᠦ ᠭᠢᠰᠬᠢᠭᠰᠡᠨ ᠭᠠᠵᠠᠷ ᠢ ᠪᠢ ᠲᠡᠭᠦᠨ ᠳᠦ ᠪᠣᠯᠣᠨ ᠲᠡᠭᠦᠨ ᠦ ᠦᠷ᠎ᠡ ᠤᠳᠤᠮ ᠳᠤ ᠥᠭᠭᠥᠨ᠎ᠡ》 ᠭᠡᠪᠡ᠃ 37 ᠶᠣᠬᠣᠸᠠ ᠲᠠ ᠨᠠᠷ ᠤᠨ ᠤᠯᠠᠮ ᠢᠶᠠᠷ ᠨᠠᠳᠠ ᠳᠤ ᠴᠤ ᠠᠭᠤᠷᠯᠠᠨ᠄ 《ᠴᠢ ᠴᠤ ᠲᠡᠰᠢ ᠪᠠᠨ ᠣᠷᠣᠬᠤ ᠦᠭᠡᠢ᠃ 38 ᠬᠠᠷᠢᠨ ᠴᠢᠨᠦ ᠲᠤᠰᠠᠯᠠᠭᠴᠢ ᠨᠦᠨ ᠦ ᠬᠦᠦ ᠶᠣᠱᠦ᠋ᠶ᠎ᠠ ᠲᠡᠰᠢ ᠪᠠᠨ ᠣᠷᠣᠨ᠎ᠠ᠃ ᠲᠡᠭᠦᠨ ᠢ ᠵᠣᠷᠢᠭᠵᠢᠭᠤᠯ᠃ ᠨᠥᠭᠥᠭᠡ ᠭᠠᠵᠠᠷ ᠢ ᠢᠰᠷᠧᠯ ᠳᠤ ᠥᠪᠯᠡᠭᠦᠯᠬᠦ ᠬᠥᠮᠦᠨ ᠨᠢ ᠲᠡᠷᠡ ᠶᠤᠮ᠃ 39 ᠪᠠᠰᠠ 〈ᠣᠯᠵᠠᠯᠠᠭᠳᠠᠭᠰᠠᠳ ᠪᠣᠯᠬᠤ ᠨᠢ ᠡ〉 ᠬᠡᠮᠡᠨ ᠲᠠ ᠨᠠᠷ ᠤᠨ ᠬᠡᠯᠡᠳᠡᠭ ᠪᠠᠢᠭᠰᠠᠨ ᠪᠠᠭᠠᠴᠤᠤᠯ ᠴᠢᠨᠢ᠂ ᠥᠨᠥᠳᠥᠷ ᠰᠠᠢᠨ ᠮᠠᠭᠤ ᠶᠢ ᠢᠯᠭᠠᠵᠤ ᠴᠢᠳᠠᠬᠤ ᠦᠭᠡᠢ ᠬᠡᠦᠬᠡᠳ ᠤᠳ ᠴᠢᠨᠢ ᠲᠡᠰᠢ ᠪᠠᠨ ᠣᠷᠣᠬᠤ ᠪᠣᠯᠣᠨ᠎ᠠ᠃ ᠪᠢ ᠲᠡᠷᠡ ᠭᠠᠵᠠᠷ ᠢ ᠲᠡᠳᠡᠨ ᠳᠦ ᠥᠭᠴᠦ᠂ ᠲᠡᠳᠡᠨ ᠢᠶᠡᠷ ᠡᠵᠡᠮᠰᠢᠭᠦᠯᠦᠨ᠎ᠡ᠃ 40 ᠬᠠᠷᠢᠨ ᠲᠠ ᠨᠠᠷ ᠴᠢᠭᠯᠡᠯ ᠢᠶᠡᠨ ᠥᠭᠡᠷᠡᠴᠢᠯᠡᠵᠦ᠂ ᠤᠯᠠᠭᠠᠨ ᠲᠠᠩᠭᠢᠰ ᠬᠦᠷᠬᠦ ᠵᠠᠮ ᠢᠶᠠᠷ ᠴᠥᠯ ᠤᠷᠤᠭᠤ ᠬᠥᠳᠡᠯᠵᠡᠭᠡ》 ᠭᠡᠰᠡᠨ ᠪᠢᠯᠡ᠃
41 ᠭᠡᠬᠦ ᠳᠦ ᠲᠠ ᠨᠠᠷ ᠨᠠᠳᠠ ᠤᠷᠤᠭᠤ ᠬᠠᠷᠢᠭᠤᠯᠤᠨ᠄ 《ᠪᠢᠳᠡ ᠶᠣᠬᠣᠸᠠ ᠶᠢᠨ ᠡᠰᠡᠷᠭᠦ ᠨᠢᠭᠦᠯ ᠬᠢᠵᠡᠢ᠃ ᠪᠢᠳᠡ ᠭᠠᠷᠴᠤ ᠣᠴᠢᠭᠠᠳ ᠶᠣᠬᠣᠸᠠ ᠪᠤᠷᠬᠠᠨ ᠤ ᠪᠠᠨ ᠲᠤᠰᠢᠶᠠᠭᠰᠠᠨ ᠶᠣᠰᠣᠭᠠᠷ ᠲᠤᠯᠤᠯᠳᠤᠵᠠᠭᠠᠶᠠ》 ᠬᠡᠮᠡᠨ ᠠᠭᠤᠯᠠᠷᠬᠠᠭ ᠨᠤᠲᠤᠭ ᠥᠭᠡᠳᠡ ᠣᠴᠢᠬᠤ ᠶᠢ ᠬᠢᠯᠪᠠᠷ ᠭᠡᠵᠦ ᠪᠣᠳᠣᠨ᠂ ᠡᠷᠡᠴᠦᠳ ᠴᠢᠨᠢ ᠪᠦᠭᠦᠳᠡᠭᠡᠷ ᠢᠶᠡᠨ ᠳᠠᠢᠲᠤᠬᠤ ᠵᠡᠪᠰᠡᠭ ᠢᠶᠡᠨ ᠠᠭᠰᠠᠭᠰᠠᠨ ᠪᠢᠯᠡ᠃ 42 ᠬᠠᠷᠢᠨ ᠶᠣᠬᠣᠸᠠ ᠨᠠᠳᠠ ᠳᠤ ᠠᠢᠯᠠᠳᠤᠨ᠄ 《〈ᠪᠦᠦ ᠶᠠᠪᠤ᠂ ᠪᠦᠦ ᠳᠠᠢᠲᠤ〉 ᠭᠡᠵᠦ ᠲᠡᠳᠡᠨ ᠳᠦ ᠬᠡᠯᠡᠭᠡᠷᠡᠢ᠃ ᠪᠢ ᠲᠠ ᠨᠠᠷ ᠤᠨ ᠳᠤᠮᠳᠠ ᠪᠠᠢᠬᠤ ᠦᠭᠡᠢ᠂ ᠲᠠ ᠨᠠᠷ ᠳᠠᠢᠰᠤᠨ ᠤ ᠪᠠᠨ ᠡᠮᠦᠨ᠎ᠡ ᠢᠯᠠᠭᠳᠠᠬᠤ ᠪᠤᠢ》 ᠭᠡᠰᠡᠨ᠃ 43 ᠪᠢ ᠲᠠ ᠨᠠᠷ ᠲᠤ ᠲᠡᠭᠡᠵᠦ ᠬᠡᠯᠡᠭᠰᠡᠨ ᠪᠣᠯᠪᠠᠴᠤ ᠲᠠ ᠨᠠᠷ ᠰᠣᠨᠣᠰᠣᠯ ᠦᠭᠡᠢ ᠶᠣᠬᠣᠸᠠ ᠶᠢᠨ ᠲᠤᠰᠢᠶᠠᠯ ᠤᠨ ᠡᠰᠡᠷᠭᠦ ᠲᠡᠷᠰᠯᠡᠨ᠂ ᠪᠠᠷᠳᠠᠮ ᠵᠠᠩ ᠭᠠᠷᠭᠠᠨ ᠠᠭᠤᠯᠠᠷᠬᠠᠭ ᠨᠤᠲᠤᠭ ᠥᠭᠡᠳᠡ ᠭᠠᠷᠤᠭᠰᠠᠨ ᠪᠢᠯᠡ᠃ 44 ᠲᠡᠷᠡ ᠠᠭᠤᠯᠠᠷᠬᠠᠭ ᠨᠤᠲᠤᠭ ᠲᠤ ᠠᠮᠢᠳᠤᠷᠠᠵᠤ ᠪᠠᠢᠭᠰᠠᠨ ᠠᠮᠣᠷᠢᠴᠤᠳ ᠲᠠ ᠨᠠᠷ ᠤᠷᠤᠭᠤ ᠭᠠᠷᠴᠤ ᠢᠷᠡᠭᠡᠳ᠂ ᠲᠠ ᠨᠠᠷ ᠢ ᠰᠦᠷᠦᠭ ᠵᠥᠭᠡᠢ ᠮᠡᠲᠦ ᠦᠯᠳᠡᠨ ᠬᠥᠭᠡᠭᠡᠵᠦ᠂ ᠰᠧᠷ ᠠᠭᠤᠯᠠᠨ ᠠᠴᠠ ᠬᠣᠷᠮᠠ ᠬᠦᠷᠲᠡᠯ᠎ᠡ ᠪᠤᠲᠠ ᠴᠣᠬᠢᠭᠰᠠᠨ ᠪᠢᠯᠡ᠃ 45 ᠲᠠ ᠨᠠᠷ ᠡᠷᠭᠢᠵᠦ ᠢᠷᠡᠭᠡᠳ ᠶᠣᠬᠣᠸᠠ ᠶᠢᠨ ᠡᠮᠦᠨ᠎ᠡ ᠤᠬᠢᠯᠠᠵᠠᠭᠠᠭᠰᠠᠨ ᠪᠣᠯᠪᠠᠴᠤ ᠶᠣᠬᠣᠸᠠ ᠲᠠ ᠨᠠᠷ ᠤᠨ ᠳᠠᠭᠤ ᠬᠣᠭᠣᠯᠠᠢ ᠶᠢ ᠰᠣᠨᠣᠰᠣᠭ᠎ᠠ ᠦᠭᠡᠢ᠂ ᠲᠠ ᠨᠠᠷ ᠲᠤ ᠴᠢᠬᠢ ᠲᠠᠯᠪᠢᠭ᠎ᠠ ᠦᠭᠡᠢ᠃
46 ᠡᠢᠮᠦ ᠡᠴᠡ ᠲᠠ ᠨᠠᠷ ᠺᠠᠳᠧᠱ ᠲᠤ ᠣᠯᠠᠨ ᠬᠣᠨᠣᠭ ᠰᠠᠭᠤᠭᠰᠠᠨ᠃ ᠲᠡᠷᠡ ᠬᠤᠭᠤᠴᠠᠭᠠᠨ ᠳᠤ ᠲᠠ ᠨᠠᠷ ᠲᠡᠨᠳᠡ ᠪᠠᠢᠭᠰᠠᠨ ᠪᠢᠯᠡ᠃