1 2 3 4 5 6 7 8 9 10 11 12 13 14 15 16 17 18 19 20 21 22 23 24 25 26 27 28 29 30 31 32 33 34


ᠳᠡᠳ᠋ ᠬᠠᠤᠯᠢ ᠠᠷᠪᠠ ᠶᠢᠰᠦ
 ᠬᠣᠷᠭᠣᠳᠠᠬᠤ ᠬᠣᠲᠠ

1 ᠴᠢᠨᠦ ᠪᠤᠷᠬᠠᠨ ᠶᠣᠬᠣᠸᠠ ᠡᠳᠡᠭᠡᠷ ᠦᠨᠳᠦᠰᠦᠲᠡᠨ ᠢ ᠤᠰᠠᠳᠬᠠᠭᠠᠳ ᠴᠢᠨᠦ ᠪᠤᠷᠬᠠᠨ ᠶᠣᠬᠣᠸᠠ ᠭᠠᠵᠠᠷ ᠨᠤᠲᠤᠭ ᠢ ᠨᠢ ᠴᠢᠮ᠎ᠠ ᠳᠤ ᠥᠭᠬᠦ ᠳᠦ᠂ ᠴᠢ ᠲᠡᠳᠡᠨ ᠢ ᠡᠵᠡᠮᠰᠢᠵᠦ᠂ ᠲᠡᠳᠡᠨ ᠦ ᠬᠣᠲᠠ ᠪᠣᠯᠣᠨ ᠭᠡᠷ ᠣᠷᠣᠨ ᠳᠤᠨᠢ ᠰᠠᠭᠤᠷᠢᠰᠢᠪᠠᠯ᠂ 2 ᠴᠢᠨᠦ ᠪᠤᠷᠬᠠᠨ ᠶᠣᠬᠣᠸᠠ ᠶᠢᠨ ᠴᠢᠮ᠎ᠠ ᠳᠤ ᠥᠭᠴᠦ ᠡᠵᠡᠮᠰᠢᠭᠦᠯᠬᠦ ᠨᠤᠲᠤᠭ ᠤᠨ ᠳᠤᠮᠳᠠ ᠪᠠᠢᠭ᠎ᠠ ᠭᠤᠷᠪᠠᠨ ᠬᠣᠲᠠ ᠶᠢ ᠥᠪᠡᠷ ᠦᠨ ᠢᠶᠠᠨ ᠲᠥᠯᠥᠭᠡ ᠲᠤᠰᠠᠭᠠᠷᠯᠠ᠃ 3 ᠲᠡᠭᠡᠭᠡᠳ ᠲᠡᠳᠡᠭᠡᠷ ᠬᠣᠲᠠ ᠬᠦᠷᠲᠡᠯᠡᠬᠢ ᠵᠠᠢ ᠶᠢ ᠦᠨᠳᠦᠰᠦᠯᠡᠵᠦ᠂ ᠶᠣᠬᠣᠸᠠ ᠪᠤᠷᠬᠠᠨ ᠤ ᠴᠢᠨᠢ ᠴᠢᠮ᠎ᠠ ᠳᠤ ᠥᠪᠯᠡᠭᠦᠯᠬᠦ ᠨᠤᠲᠤᠭ ᠳᠡᠪᠢᠰᠬᠡᠷ ᠢ ᠭᠤᠷᠪᠠᠨ ᠬᠡᠰᠡᠭ ᠲᠦ ᠬᠤᠪᠢᠶᠠ᠃ ᠠᠮᠢᠨ ᠬᠡᠷᠡᠭᠲᠡᠨ ᠪᠣᠯᠭᠠᠨ ᠲᠡᠰᠢ ᠪᠠᠨ ᠵᠢᠭᠤᠲᠠᠵᠤ ᠪᠣᠯᠣᠨ᠎ᠠ᠃

4 ᠠᠮᠢᠨ ᠬᠡᠷᠡᠭᠲᠡᠨ ᠳᠠᠷᠠᠭᠠᠬᠢ ᠨᠥᠬᠥᠴᠡᠯ ᠳᠦ ᠲᠡᠰᠢ ᠪᠠᠨ ᠵᠢᠭᠤᠲᠠᠵᠤ ᠠᠮᠢ ᠭᠠᠷᠴᠤ ᠪᠣᠯᠣᠨ᠎ᠠ᠄ ᠲᠤᠬᠠᠢᠯᠠᠪᠠᠯ ᠤᠷᠢᠳᠤ ᠠᠴᠠ ᠥᠰ ᠬᠣᠨᠵᠢᠩ ᠦᠭᠡᠢ ᠠᠲᠠᠯ᠎ᠠ ᠪᠠᠨ ᠰᠠᠨᠠᠮᠰᠠᠷ ᠦᠭᠡᠢ ᠪᠠᠷ ᠬᠥᠷᠰᠢ ᠪᠠᠨ ᠠᠯᠠᠭᠰᠠᠨ ᠬᠥᠮᠦᠨ ᠨᠢ 5 (ᠬᠥᠷᠰᠢ ᠲᠠᠢ ᠪᠠᠨ ᠬᠠᠮᠲᠤ ᠮᠣᠳᠣ ᠣᠭᠲᠣᠯᠬᠤ ᠪᠠᠷ ᠣᠢ ᠳᠤ ᠣᠴᠢᠵᠤ᠂ ᠰᠦᠬᠡ ᠡᠷᠭᠦᠨ ᠮᠣᠳᠣ ᠴᠠᠪᠴᠢᠵᠤ ᠪᠠᠢᠲᠠᠯ᠎ᠠ ᠰᠦᠬᠡᠨ ᠦ ᠲᠣᠯᠣᠭᠠᠢ ᠨᠢ ᠡᠰᠢ ᠡᠴᠡ ᠪᠡᠨ ᠮᠤᠯᠲᠤ ᠦᠰᠦᠷᠦᠭᠡᠳ ᠬᠥᠷᠰᠢ ᠪᠠᠨ ᠴᠣᠬᠢᠵᠤ᠂ ᠲᠡᠷᠡ ᠨᠢ ᠦᠬᠦᠭᠰᠡᠨ ᠵᠡᠷᠭᠡ ᠲᠣᠬᠢᠶᠠᠯᠳᠤᠯ ᠳᠤ) ᠲᠡᠳᠡᠭᠡᠷ ᠬᠣᠲᠠ ᠶᠢᠨ ᠠᠯᠢ ᠨᠢᠭᠡᠨ ᠳᠦ ᠵᠢᠭᠤᠲᠠᠨ ᠣᠴᠢᠵᠤ᠂ ᠠᠮᠢ ᠭᠠᠷᠴᠤ ᠪᠣᠯᠣᠨ᠎ᠠ᠃ 6 ᠵᠠᠮ ᠨᠢ ᠬᠡᠲᠦᠷᠬᠡᠢ ᠬᠣᠯᠠ ᠪᠣᠯ ᠴᠢᠰᠤᠨ ᠥᠰᠢᠶ᠎ᠡ ᠠᠪᠤᠭᠴᠢ ᠨᠢ ᠣᠭᠵᠣᠮ ᠠᠭᠤᠷ ᠲᠠᠭᠠᠨ ᠨᠥᠭᠥᠭᠡ ᠠᠮᠢᠨ ᠬᠡᠷᠡᠭᠲᠡᠨ ᠢ ᠮᠥᠰᠬᠢᠵᠦ ᠭᠦᠢᠴᠡᠨ ᠣᠴᠢᠭᠠᠳ ᠲᠡᠭᠦᠨ ᠦ ᠠᠮᠢ ᠶᠢ ᠬᠥᠨᠥᠭᠡᠵᠦ ᠮᠠᠭᠠᠳ᠃ ᠬᠠᠷᠢᠨ ᠤᠭ ᠠᠴᠠ ᠪᠠᠨ ᠥᠰ ᠬᠣᠨᠵᠢᠩ ᠦᠭᠡᠢ ᠬᠥᠮᠦᠨ ᠢ ᠢᠩᠭᠢᠵᠦ ᠠᠯᠠᠬᠤ ᠨᠢ ᠵᠣᠬᠢᠰ ᠦᠭᠡᠢ᠃ 7 ᠡᠢᠮᠦ ᠤᠴᠢᠷ ᠠᠴᠠ ᠪᠢ ᠴᠢᠮ᠎ᠠ ᠳᠤ᠄ 《ᠥᠪᠡᠷ ᠲᠡᠭᠡᠨ ᠭᠤᠷᠪᠠᠨ ᠬᠣᠲᠠ ᠶᠢ ᠲᠤᠰᠠᠭᠠᠷᠯᠠᠨ ᠠᠪ》 ᠭᠡᠵᠦ ᠲᠤᠰᠢᠶᠠᠵᠤ ᠪᠠᠢᠨ᠎ᠠ᠃

8 ᠬᠡᠷᠪᠡ ᠴᠢ ᠥᠨᠥᠳᠥᠷ ᠦᠨ ᠮᠢᠨᠦ ᠲᠤᠰᠢᠶᠠᠵᠤ ᠪᠤᠢ ᠡᠨᠡ ᠪᠦᠬᠦ ᠲᠤᠰᠢᠶᠠᠯ ᠢ ᠰᠠᠬᠢᠨ ᠪᠡᠶᠡᠯᠡᠭᠦᠯᠵᠦ᠂ ᠶᠣᠬᠣᠸᠠ ᠪᠤᠷᠬᠠᠨ ᠢᠶᠠᠨ ᠬᠠᠢᠷᠠᠯᠠᠨ ᠲᠡᠭᠦᠨ ᠦ ᠵᠠᠮ ᠢᠶᠠᠷ ᠴᠠᠭ ᠦᠷᠭᠦᠯᠵᠢ ᠶᠠᠪᠤᠭᠰᠠᠭᠠᠷ ᠪᠠᠢᠪᠠᠯ 9 ᠴᠢᠨᠦ ᠪᠤᠷᠬᠠᠨ ᠶᠣᠬᠣᠸᠠ ᠡᠴᠢᠭᠡ ᠡᠪᠦᠭᠡᠳ ᠲᠦ ᠴᠢᠨᠢ ᠲᠠᠩ᠋ᠭᠠᠷᠢᠭᠯᠠᠭᠰᠠᠨ ᠶᠣᠰᠣᠭᠠᠷ ᠴᠢᠨᠦ ᠬᠢᠯᠢ ᠬᠢᠵᠠᠭᠠᠷ ᠢ ᠲᠡᠯᠡᠵᠦ᠂ ᠡᠴᠢᠭᠡ ᠡᠪᠦᠭᠡᠳ ᠲᠦ ᠴᠢᠨᠢ ᠥᠭᠬᠦ ᠪᠡᠷ ᠲᠠᠩ᠋ᠭᠠᠷᠢᠭᠯᠠᠭᠰᠠᠨ ᠪᠦᠬᠦ ᠭᠠᠵᠠᠷ ᠢ ᠴᠢᠮ᠎ᠠ ᠳᠤ ᠥᠭᠬᠦ ᠪᠣᠯᠣᠨ᠎ᠠ᠂ ᠲᠡᠷᠡ ᠦᠶ᠎ᠡ ᠳᠦ ᠴᠢ ᠡᠨᠡ ᠭᠤᠷᠪᠠᠨ ᠬᠣᠲᠠ ᠠᠴᠠ ᠭᠠᠳᠠᠨ᠎ᠠ ᠥᠭᠡᠷ᠎ᠡ ᠭᠤᠷᠪᠠᠨ ᠬᠣᠲᠠ ᠶᠢ ᠨᠡᠮᠡᠵᠦ ᠠᠪ᠃ 10 ᠲᠡᠢᠨ ᠬᠦ ᠶᠣᠬᠣᠸᠠ ᠪᠤᠷᠬᠠᠨ ᠠᠴᠠ ᠴᠢᠨᠢ ᠴᠢᠮ᠎ᠠ ᠳᠤ ᠥᠪ ᠪᠣᠯᠭᠠᠨ ᠰᠣᠶᠣᠷᠬᠠᠬᠤ ᠲᠡᠷᠡ ᠭᠠᠵᠠᠷ ᠳᠡᠭᠡᠷ᠎ᠡ ᠭᠡᠮ ᠦᠭᠡᠢ ᠴᠢᠰᠤ ᠶᠢ ᠤᠷᠤᠰᠬᠠᠬᠤ ᠦᠭᠡᠢ᠂ ᠥᠪᠡᠷ ᠢᠶᠡᠨ ᠴᠢ ᠴᠢᠰᠤᠨ ᠤ ᠪᠤᠷᠤᠭᠤᠲᠠᠨ ᠪᠣᠯᠬᠤ ᠦᠭᠡᠢ ᠪᠠᠢᠬᠤ ᠪᠣᠯᠲᠤᠭᠠᠢ᠃

11 ᠭᠡᠪᠡᠴᠦ ᠬᠥᠮᠦᠨ ᠬᠥᠷᠰᠢ ᠪᠠᠨ ᠵᠠᠨᠤᠵᠤ᠂ ᠲᠡᠭᠦᠨ ᠢ ᠣᠲᠣᠵᠤ ᠪᠠᠢᠭᠠᠳ ᠲᠡᠭᠦᠨ ᠤᠷᠤᠭᠤ ᠳᠠᠭᠠᠷᠢᠨ ᠠᠮᠢ ᠶᠢ ᠨᠢ ᠬᠥᠨᠥᠭᠡᠵᠦ᠂ ᠲᠡᠳᠡᠭᠡᠷ ᠬᠣᠲᠠ ᠶᠢᠨ ᠠᠯᠢ ᠨᠢᠭᠡᠨ ᠳᠦ ᠵᠢᠭᠤᠲᠠᠨ ᠣᠴᠢᠬᠤ ᠲᠣᠬᠢᠶᠠᠯᠳᠤᠯ ᠳᠤ᠂ 12 ᠲᠡᠷᠡ ᠬᠣᠲᠠ ᠶᠢᠨ ᠠᠬᠠᠮᠠᠳ ᠤᠳ ᠬᠥᠮᠦᠨ ᠢᠯᠡᠭᠡᠵᠦ᠂ ᠲᠡᠭᠦᠨ ᠢ ᠲᠡᠨᠳᠡ ᠡᠴᠡ ᠪᠠᠷᠢᠭᠠᠳ ᠴᠢᠰᠤᠨ ᠥᠰᠢᠶ᠎ᠡ ᠠᠪᠤᠭᠴᠢ ᠶᠢᠨ ᠬᠢᠨᠢ ᠭᠠᠷ ᠲᠤ ᠲᠤᠰᠢᠶᠠᠵᠤ᠂ ᠲᠡᠭᠦᠨ ᠢ ᠠᠯᠠᠭᠤᠯᠬᠤ ᠶᠣᠰᠣᠲᠠᠢ᠃ 13 ᠴᠢ ᠲᠡᠭᠦᠨ ᠢ ᠪᠦᠦ ᠥᠷᠥ ᠡᠪᠡᠳᠦᠨ ᠬᠠᠷᠠ᠃ ᠬᠠᠷᠢᠨ ᠴᠢ ᠭᠡᠮ ᠦᠭᠡᠢ ᠴᠢᠰᠤ ᠤᠷᠤᠰᠬᠠᠯᠲᠠ ᠶᠢ ᠢᠰᠷᠧᠯ ᠡᠴᠡ ᠵᠠᠢᠯᠠᠭᠤᠯ᠃ ᠲᠡᠭᠡᠪᠡᠯ ᠴᠢ ᠰᠠᠢᠨ ᠰᠠᠢᠬᠠᠨ ᠢ ᠠᠮᠰᠠᠬᠤ ᠪᠣᠯᠣᠨ᠎ᠠ᠃
 ᠬᠢᠯᠢ ᠶᠢᠨ ᠵᠠᠭᠠᠭ ᠢ ᠪᠦᠦ ᠥᠭᠡᠷᠡᠴᠢᠯᠡ

14 ᠶᠣᠬᠣᠸᠠ ᠪᠤᠷᠬᠠᠨ ᠤ ᠴᠢᠨᠢ ᠴᠢᠮ᠎ᠠ ᠳᠤ ᠥᠭᠴᠦ ᠡᠵᠡᠮᠰᠢᠭᠦᠯᠬᠦ ᠲᠡᠷᠡ ᠭᠠᠵᠠᠷ᠂ ᠲᠤᠬᠠᠢᠯᠠᠪᠠᠯ ᠴᠢᠨᠦ ᠥᠪᠯᠡᠬᠦ ᠥᠪ ᠳᠡᠭᠡᠷ᠎ᠡ ᠡᠴᠢᠭᠡ ᠡᠪᠦᠭᠡᠳ ᠦᠨ ᠢᠶᠠᠨ ᠲᠣᠭᠲᠠᠭᠠᠭᠰᠠᠨ ᠬᠥᠷᠰᠢ ᠶᠢᠨ ᠢᠶᠠᠨ ᠬᠢᠯᠢ ᠶᠢ ᠪᠦᠦ ᠥᠭᠡᠷᠡᠴᠢᠯᠡ᠃
 ᠰᠢᠭᠦᠯᠲᠡ ᠶᠢᠨ ᠭᠡᠷᠡᠴᠢ

15 ᠶᠠᠮᠠᠷ ᠨᠢᠭᠡᠨ ᠭᠡᠮ᠂ ᠶᠠᠮᠠᠷ ᠨᠢᠭᠡᠨ ᠬᠡᠷᠡᠭ ᠢᠶᠡᠷ ᠴᠤ ᠬᠥᠮᠦᠨ ᠢ ᠭᠡᠮ ᠲᠡᠢ ᠭᠡᠵᠦ ᠵᠠᠭᠠᠯᠳᠤᠬᠤ ᠳᠤ᠂ ᠭᠠᠭᠴᠠᠬᠠᠨ ᠭᠡᠷᠡᠴᠢ ᠨᠢ ᠬᠦᠴᠦᠨ ᠦᠭᠡᠢ᠂ ᠬᠡᠷᠡᠭ ᠪᠣᠯᠭᠠᠨ ᠬᠣᠶᠠᠷ ᠪᠤᠶᠤ ᠭᠤᠷᠪᠠᠨ ᠭᠡᠷᠡᠴᠢ ᠶᠢᠨ ᠠᠮᠠ ᠪᠠᠷ ᠬᠦᠴᠦᠨ ᠲᠡᠢ ᠪᠣᠯᠣᠨ᠎ᠠ᠃ 16 ᠬᠡᠷᠪᠡ ᠬᠣᠷᠣᠨ ᠰᠠᠨᠠᠭᠠᠲᠤ ᠭᠡᠷᠡᠴᠢ ᠭᠠᠷᠴᠤ ᠢᠷᠡᠭᠡᠳ ᠬᠥᠮᠦᠨ ᠢ ᠭᠦᠳᠬᠡᠪᠡᠯ᠂ 17 ᠮᠠᠷᠭᠤᠯᠳᠤᠵᠤ ᠪᠠᠢᠭ᠎ᠠ ᠬᠣᠶᠠᠷ ᠬᠥᠮᠦᠨ ᠶᠣᠬᠣᠸᠠ ᠶᠢᠨ ᠡᠮᠦᠨ᠎ᠡ᠂ ᠲᠤᠬᠠᠢ ᠶᠢᠨ ᠦᠶ᠎ᠡ ᠶᠢᠨ ᠲᠠᠬᠢᠯᠴᠢᠳ ᠰᠢᠭᠦᠭᠴᠢᠳ ᠤᠨ ᠡᠮᠦᠨ᠎ᠡ ᠵᠣᠭᠰᠣᠬᠤ ᠶᠣᠰᠣᠲᠠᠢ᠃ 18 ᠰᠢᠭᠦᠭᠴᠢᠳ ᠲᠡᠷᠡ ᠬᠡᠷᠡᠭ ᠢ ᠭᠦᠢᠴᠡᠳ ᠪᠠᠢᠴᠠᠭᠠᠭᠠᠳ ᠬᠡᠷᠪᠡ ᠭᠡᠷᠡᠴᠢ ᠨᠢ ᠬᠠᠭᠤᠷᠮᠠᠴᠢ ᠪᠥᠭᠡᠳ ᠠᠬ᠎ᠠ ᠳᠡᠭᠦᠦ ᠶᠢᠨ ᠢᠶᠠᠨ ᠡᠰᠡᠷᠭᠦ ᠬᠤᠳᠠᠯ ᠮᠡᠳᠡᠭᠦᠯᠭᠡ ᠥᠭᠭᠥᠭᠰᠡᠨ ᠨᠢ ᠦᠨᠡᠨ ᠪᠠᠢᠪᠠᠯ᠂ 19 ᠠᠬ᠎ᠠ ᠳᠡᠭᠦᠦ ᠶᠢᠨ ᠢᠶᠠᠨ ᠡᠰᠡᠷᠭᠦ ᠦᠢᠯᠡᠳᠬᠦ ᠭᠡᠰᠡᠨ ᠵᠦᠢᠯ ᠢ ᠨᠢ ᠥᠪᠡᠷ ᠲᠤᠨᠢ ᠣᠨᠣᠭ᠎ᠠ᠃ ᠲᠠ ᠨᠠᠷ ᠥᠪᠡᠷᠰᠡᠳ ᠦᠨ ᠢᠶᠠᠨ ᠳᠤᠮᠳᠠ ᠠᠴᠠ ᠮᠠᠭᠤ ᠶᠠᠪᠤᠳᠠᠯ ᠢ ᠡᠢᠨ ᠬᠦ ᠵᠠᠢᠯᠠᠭᠤᠯ᠃ 20 ᠲᠡᠭᠡᠪᠡᠯ ᠪᠤᠰᠤᠳ ᠬᠥᠮᠦᠰ ᠡᠭᠦᠨ ᠢ ᠰᠣᠨᠣᠰᠣᠭᠠᠳ ᠠᠶᠤᠨ ᠡᠮᠢᠶᠡᠬᠦ ᠪᠥᠭᠡᠳ ᠲᠠ ᠨᠠᠷ ᠤᠨ ᠳᠤᠮᠳᠠ ᠡᠢᠮᠦ ᠮᠠᠭᠤ ᠶᠠᠪᠤᠳᠠᠯ ᠳᠠᠬᠢᠨ ᠦᠢᠯᠡᠳᠦᠭᠳᠡᠬᠦ ᠦᠭᠡᠢ ᠪᠣᠯᠣᠨ᠎ᠠ᠃ 21 ᠲᠡᠭᠦᠨ ᠢ ᠪᠦᠦ ᠥᠷᠥ ᠡᠪᠡᠳᠦᠨ ᠬᠠᠷᠠ᠃ ᠬᠠᠷᠢᠨ 《ᠠᠮᠢ ᠶᠢ ᠠᠮᠢ ᠪᠠᠷ᠂ ᠨᠢᠳᠦ ᠶᠢ ᠨᠢᠳᠦ ᠪᠡᠷ᠂ ᠰᠢᠳᠦ ᠶᠢ ᠰᠢᠳᠦ ᠪᠡᠷ᠂ ᠭᠠᠷ ᠢ ᠭᠠᠷ ᠢᠶᠠᠷ᠂ ᠬᠥᠯ ᠢ ᠬᠥᠯ ᠢᠶᠡᠷ》 ᠪᠠᠢᠬᠤ ᠶᠣᠰᠣᠲᠠᠢ᠃