1 2 3 4 5 6 7 8 9 10 11 12 13 14 15 16 17 18 19 20 21 22 23 24 25 26 27 28 29 30 31 32 33 34


ᠳᠡᠳ᠋ ᠬᠠᠤᠯᠢ ᠳᠣᠯᠣᠭ᠎ᠠ
 ᠰᠢᠲᠦᠭᠡᠨ ᠰᠢᠲᠦᠭᠴᠢ ᠦᠨᠳᠦᠰᠦᠲᠡᠨ ᠨᠦᠭᠦᠳ ᠰᠥᠨᠥᠨ᠎ᠡ

1 ᠴᠢᠨᠦ ᠪᠤᠷᠬᠠᠨ ᠶᠣᠬᠣᠸᠠ ᠴᠢᠨᠦ ᠣᠴᠢᠵᠤ ᠡᠵᠡᠮᠰᠢᠬᠦ ᠲᠡᠷᠡ ᠨᠤᠲᠤᠭ ᠤᠷᠤᠭᠤ ᠴᠢᠮᠠᠶᠢ ᠠᠪᠠᠴᠢᠵᠤ᠂ ᠣᠯᠠᠨ ᠦᠨᠳᠦᠰᠦᠲᠡᠨ ᠢ᠂ ᠲᠤᠬᠠᠢᠯᠠᠪᠠᠯ ᠾᠢᠲ᠋ᠴᠦᠳ᠂ ᠭᠢᠷᠭᠠᠱᠴᠤᠳ᠂ ᠠᠮᠣᠷᠢᠴᠤᠳ᠂ ᠺᠠᠨᠠᠨᠴᠤᠳ᠂ ᠫᠧᠷᠢᠽᠴᠦᠳ᠂ ᠾᠢᠸᠢᠴᠦᠳ᠂ ᠶᠧᠪᠦ᠋ᠰᠴᠦᠳ ᠬᠡᠮᠡᠬᠦ ᠲᠠ ᠨᠠᠷ ᠠᠴᠠ ᠣᠯᠠᠨ᠂ ᠢᠯᠡᠭᠦᠦ ᠬᠦᠴᠦᠷᠬᠡᠭ ᠳᠣᠯᠣᠭᠠᠨ ᠦᠨᠳᠦᠰᠦᠲᠡᠨ ᠢ ᠲᠠ ᠨᠠᠷ ᠤᠨ ᠡᠮᠦᠨ᠎ᠡ ᠡᠴᠡ ᠬᠥᠭᠡᠭᠡᠨ ᠭᠠᠷᠭᠠᠵᠤ᠂ 2 ᠴᠢᠨᠦ ᠪᠤᠷᠬᠠᠨ ᠶᠣᠬᠣᠸᠠ ᠲᠡᠳᠡᠨ ᠢ ᠴᠢᠮ᠎ᠠ ᠳᠤ ᠲᠤᠰᠢᠶᠠᠬᠤ ᠦᠶ᠎ᠡ ᠳᠦ᠂ ᠴᠢ ᠲᠡᠳᠡᠨ ᠢ ᠴᠣᠬᠢᠵᠤ᠂ ᠪᠦᠷᠢᠮᠦᠰᠦᠨ ᠤᠰᠠᠳᠬᠠᠬᠤ ᠶᠣᠰᠣᠲᠠᠢ᠃ ᠲᠡᠳᠡᠨ ᠲᠡᠢ ᠪᠦᠦ ᠭᠡᠷ᠎ᠡ ᠪᠠᠢᠭᠤᠯ᠃ ᠲᠡᠳᠡᠨ ᠢ ᠪᠦᠦ ᠥᠷᠥ ᠡᠪᠡᠳ᠃ 3 ᠴᠢ ᠲᠡᠳᠡᠨ ᠲᠡᠢ ᠪᠦᠦ ᠤᠷᠤᠭᠯᠠ᠃ ᠥᠬᠢᠨ ᠢᠶᠠᠨ ᠬᠥᠪᠡᠭᠦᠨ ᠳᠦᠨᠢ ᠪᠦᠦ ᠥᠭ᠃ ᠲᠡᠳᠡᠨ ᠦ ᠥᠬᠢᠨ ᠢ ᠬᠦᠦ ᠳᠡᠭᠡᠨ ᠪᠦᠦ ᠠᠪ᠃ 4 ᠲᠡᠳᠡ ᠬᠡᠦᠬᠡᠳ ᠤᠳ ᠢ ᠴᠢᠨᠢ ᠨᠠᠳᠠ ᠠᠴᠠ ᠡᠷᠭᠢᠭᠦᠯᠦᠨ ᠥᠭᠡᠷ᠎ᠡ ᠪᠤᠷᠬᠠᠳ ᠲᠤ ᠮᠥᠷᠭᠥᠭᠦᠯᠬᠦ ᠪᠤᠢ᠂ ᠲᠡᠭᠡᠪᠡᠯ ᠶᠣᠬᠣᠸᠠ ᠶᠢᠨ ᠠᠭᠤᠷ ᠬᠢᠯᠢᠩ ᠲᠠ ᠨᠠᠷ ᠤᠨ ᠡᠰᠡᠷᠭᠦ ᠳᠦᠷᠡᠯᠵᠡᠵᠦ᠂ ᠲᠠ ᠨᠠᠷ ᠢ ᠳᠣᠣᠷ᠎ᠠ ᠨᠢ ᠤᠰᠠᠳᠬᠠᠬᠤ ᠪᠣᠯᠣᠨ᠎ᠠ᠃ 5 ᠬᠠᠷᠢᠨ ᠲᠠ ᠨᠠᠷ ᠲᠡᠳᠡᠨ ᠳᠦ ᠡᠢᠨ ᠬᠦ ᠬᠠᠨᠳᠤᠬᠤ ᠶᠣᠰᠣᠲᠠᠢ᠄ ᠲᠠᠬᠢᠯ ᠤᠨ ᠰᠢᠷᠡᠭᠡ ᠨᠦᠭᠦᠳ ᠢ ᠨᠢ ᠨᠤᠷᠠᠭᠠᠨ᠂ ᠴᠢᠯᠠᠭᠤᠨ ᠪᠠᠭᠠᠨ᠎ᠠ ᠨᠤᠭᠤᠳ ᠢ ᠨᠢ ᠪᠤᠲᠠᠯᠵᠤ᠂ ᠠᠱᠧᠷᠠ 5  ᠶᠢᠨ ᠱᠣᠩ ᠤᠳ ᠢ ᠨᠢ ᠴᠠᠪᠴᠢᠨ᠂ ᠰᠡᠢᠯᠦᠮᠡᠯ ᠬᠥᠷᠥᠭ ᠤᠳ ᠢ ᠨᠢ ᠭᠠᠯᠳᠠᠨ ᠰᠢᠲᠠᠭ᠎ᠠ᠃ 6 ᠲᠠ ᠨᠠᠷ ᠪᠣᠯ ᠶᠣᠬᠣᠸᠠ ᠪᠤᠷᠬᠠᠨ ᠤ ᠪᠠᠨ ᠠᠷᠢᠭᠤᠨ ᠠᠷᠠᠳ ᠲᠦᠮᠡᠨ ᠮᠥᠨ᠃ ᠴᠢᠨᠦ ᠪᠤᠷᠬᠠᠨ ᠶᠣᠬᠣᠸᠠ ᠳᠡᠯᠡᠬᠡᠢ ᠳᠡᠭᠡᠷᠡᠬᠢ ᠬᠠᠮᠤᠭ ᠦᠨᠳᠦᠰᠦᠲᠡᠨ ᠡᠴᠡ ᠴᠢᠮᠠᠶᠢ ᠰᠢᠯᠢᠨ ᠠᠪᠴᠤ ᠥᠪᠡᠷ ᠦᠨ ᠢᠶᠠᠨ ᠠᠷᠠᠳ ᠲᠦᠮᠡᠨ᠂ ᠥᠪᠡᠷ ᠦᠨ ᠢᠶᠠᠨ ᠨᠠᠨᠳᠢᠨ ᠥᠪ ᠪᠣᠯᠭᠠᠭᠰᠠᠨ ᠶᠤᠮ᠃

7 ᠲᠠ ᠨᠠᠷ ᠪᠤᠰᠤᠳ ᠦᠨᠳᠦᠰᠦᠲᠡᠨ ᠡᠴᠡ ᠣᠯᠠᠨ ᠪᠣᠯᠣᠭᠠᠳ ᠶᠣᠬᠣᠸᠠ ᠲᠠ ᠨᠠᠷ ᠢ ᠲᠠᠭᠠᠯᠠᠨ ᠰᠣᠩ᠋ᠭᠣᠭᠰᠠᠨ ᠪᠢᠰᠢ᠂ ᠦᠨᠡᠨ ᠳᠡᠭᠡᠨ ᠲᠠ ᠨᠠᠷ ᠪᠦᠬᠦ ᠦᠨᠳᠦᠰᠦᠲᠡᠨ ᠡᠴᠡ ᠬᠠᠮᠤᠭ ᠤᠨ ᠴᠥᠭᠡᠬᠡᠨ ᠨᠢ ᠪᠠᠢᠭᠰᠠᠨ᠃ 8 ᠬᠠᠷᠢᠨ ᠶᠣᠬᠣᠸᠠ ᠲᠠ ᠨᠠᠷ ᠢ ᠬᠠᠢᠷᠠᠯᠠᠭᠰᠠᠨ ᠤᠴᠢᠷ᠂ ᠪᠠᠰᠠ ᠡᠴᠢᠭᠡ ᠡᠪᠦᠭᠡᠳ ᠲᠦ ᠴᠢᠨᠢ ᠲᠠᠩ᠋ᠭᠠᠷᠢᠭᠯᠠᠭᠰᠠᠨ ᠢᠶᠠᠨ ᠪᠡᠶᠡᠯᠡᠭᠦᠯᠬᠦ ᠶᠢᠨ ᠤᠴᠢᠷ ᠢᠶᠠᠷ ᠬᠦᠴᠦᠷᠬᠡᠭ ᠮᠤᠲᠤᠷ ᠢᠶᠠᠷ ᠢᠶᠠᠨ ᠲᠠ ᠨᠠᠷ ᠢ ᠭᠠᠷᠭᠠᠵᠤ᠂ ᠪᠣᠭᠣᠯᠴᠢᠯᠠᠯ ᠤᠨ ᠭᠡᠷ᠂ ᠶᠧᠵᠢᠫᠲ ᠤᠨ ᠬᠠᠭᠠᠨ ᠹᠠᠷᠠᠣ᠋ ᠶᠢᠨ ᠭᠠᠷ ᠠᠴᠠ ᠵᠣᠯᠢᠨ ᠠᠪᠤᠭᠰᠠᠨ ᠪᠢᠯᠡ᠃ 9 ᠲᠡᠢᠮᠦ ᠡᠴᠡ ᠴᠢ ᠮᠡᠳᠡᠵᠦ ᠠᠪ᠃ ᠭᠠᠭᠴᠠ ᠬᠦ ᠴᠢᠨᠦ ᠪᠤᠷᠬᠠᠨ ᠶᠣᠬᠣᠸᠠ ᠪᠣᠯ ᠪᠤᠷᠬᠠᠨ᠂ ᠢᠲᠡᠭᠡᠮᠵᠢᠲᠦ ᠪᠤᠷᠬᠠᠨ ᠶᠤᠮ᠃ ᠥᠪᠡᠷ ᠢ ᠨᠢ ᠬᠠᠢᠷᠠᠯᠠᠵᠤ᠂ ᠲᠤᠰᠢᠶᠠᠯ ᠢ ᠨᠢ ᠰᠠᠬᠢᠭᠴᠢ ᠶᠢᠨ ᠲᠥᠯᠥᠭᠡ ᠲᠡᠷᠡ ᠮᠢᠩ᠋ᠭᠠᠨ ᠦᠶ᠎ᠡ ᠳᠦᠨᠢ ᠬᠦᠷᠲᠡᠯ᠎ᠡ ᠬᠠᠢᠷ᠎ᠠ ᠡᠨᠡᠷᠢᠯ ᠤᠨ ᠭᠡᠷ᠎ᠡ ᠪᠡᠨ ᠰᠠᠬᠢᠳᠠᠭ ᠪᠣᠯᠪᠠᠴᠤ 10 ᠥᠪᠡᠷ ᠢ ᠨᠢ ᠦᠵᠡᠨ ᠶᠠᠳᠠᠭᠴᠢ ᠬᠥᠮᠦᠨ ᠳᠦ ᠳᠣᠣᠷ᠎ᠠ ᠨᠢ ᠬᠠᠷᠢᠭᠤ ᠥᠭᠴᠦ᠂ ᠲᠡᠭᠦᠨ ᠢ ᠤᠰᠠᠳᠬᠠᠨ᠎ᠠ᠃ ᠲᠡᠷᠡ ᠥᠪᠡᠷ ᠢ ᠨᠢ ᠦᠵᠡᠨ ᠶᠠᠳᠠᠭᠴᠢ ᠳᠤ ᠬᠣᠢᠰᠢᠯᠠᠭᠤᠯᠤᠯ ᠦᠭᠡᠢ ᠳᠣᠣᠷ᠎ᠠ ᠨᠢ ᠬᠠᠷᠢᠭᠤ ᠥᠭᠳᠡᠭ᠃ 11 ᠲᠡᠢᠮᠦ ᠡᠴᠡ ᠥᠨᠥᠳᠥᠷ ᠮᠢᠨᠦ ᠲᠤᠰᠢᠶᠠᠵᠤ ᠪᠠᠢᠭ᠎ᠠ ᠲᠤᠰᠢᠶᠠᠯ᠂ ᠬᠠᠤᠯᠢ᠂ ᠵᠢᠭᠠᠪᠤᠷᠢ ᠨᠤᠭᠤᠳ ᠢ ᠴᠢ ᠰᠠᠬᠢᠵᠤ ᠪᠡᠶᠡᠯᠡᠭᠦᠯᠦᠭᠲᠦᠨ᠃

12 ᠲᠠ ᠨᠠᠷ ᠡᠳᠡᠭᠡᠷ ᠵᠠᠷᠯᠢᠭ ᠨᠤᠭᠤᠳ ᠢ ᠰᠣᠨᠣᠰᠣᠭᠠᠳ ᠰᠠᠬᠢᠵᠤ ᠪᠡᠶᠡᠯᠡᠭᠦᠯᠬᠦ ᠶᠤᠮ ᠪᠣᠯ ᠴᠢᠨᠦ ᠪᠤᠷᠬᠠᠨ ᠶᠣᠬᠣᠸᠠ ᠴᠤ ᠴᠢᠨᠦ ᠲᠥᠯᠥᠭᠡ ᠡᠴᠢᠭᠡ ᠡᠪᠦᠭᠡᠳ ᠲᠦ ᠴᠢᠨᠢ ᠲᠠᠩ᠋ᠭᠠᠷᠢᠭᠯᠠᠭᠰᠠᠨ ᠭᠡᠷ᠎ᠡ ᠪᠣᠯᠣᠨ ᠬᠠᠢᠷ᠎ᠠ ᠡᠨᠡᠷᠢᠯ ᠤᠨ ᠭᠡᠷ᠎ᠡ ᠪᠡᠨ ᠰᠠᠬᠢᠬᠤ ᠪᠣᠯᠣᠨ᠎ᠠ᠃ 13 ᠲᠡᠷᠡ ᠪᠡᠷ ᠴᠢᠮᠠᠶᠢ ᠬᠠᠢᠷᠠᠯᠠᠨ᠂ ᠢᠪᠡᠭᠡᠵᠦ᠂ ᠴᠢᠮᠠᠶᠢ ᠥᠨᠢᠷ ᠣᠯᠠᠨ ᠪᠣᠯᠭᠠᠨ᠂ ᠴᠢᠮ᠎ᠠ ᠳᠤ ᠥᠭᠬᠦ ᠪᠡᠷ ᠴᠢᠨᠦ ᠡᠴᠢᠭᠡ ᠡᠪᠦᠭᠡᠳ ᠲᠦ ᠲᠠᠩ᠋ᠭᠠᠷᠢᠭᠯᠠᠭᠰᠠᠨ ᠲᠡᠷᠡ ᠨᠤᠲᠤᠭ ᠳᠡᠭᠡᠷ᠎ᠡ ᠬᠡᠪᠡᠯᠢ ᠶᠢᠨ ᠴᠢᠨᠢ ᠦᠷ᠎ᠡ ᠬᠡᠦᠬᠡᠳ 6  ᠤᠳ᠂ ᠭᠠᠵᠠᠷ ᠤᠨ ᠴᠢᠨᠢ ᠦᠷ᠎ᠡ ᠵᠢᠮᠢᠰ ᠢ ᠢᠪᠡᠭᠡᠵᠦ ᠦᠷ᠎ᠡ ᠲᠠᠷᠢᠶ᠎ᠠ᠂ ᠰᠢᠨ᠎ᠡ ᠦᠵᠦᠮ ᠦᠨ ᠳᠠᠷᠠᠰᠤ᠂ ᠲᠣᠰᠣ ᠶᠢ ᠴᠢᠨᠢ ᠠᠷᠪᠢᠵᠢᠭᠤᠯᠤᠨ᠂ ᠪᠣᠳᠠ ᠪᠣᠭ ᠮᠠᠯ ᠤᠨ ᠴᠢᠨᠢ ᠲᠥᠯ ᠢ ᠦᠷᠡᠵᠢᠭᠦᠯᠬᠦ ᠪᠣᠯᠣᠨ᠎ᠠ᠃ 14 ᠴᠢ ᠪᠦᠬᠦ ᠦᠨᠳᠦᠰᠦᠲᠡᠨ ᠡᠴᠡ ᠴᠤ ᠢᠯᠡᠭᠦᠦ ᠢᠪᠡᠭᠡᠭᠳᠡᠬᠦ ᠲᠤᠯᠠ ᠲᠠᠨ ᠤ ᠳᠤ ᠬᠡᠭᠦᠰᠡᠷ ᠡᠷᠡᠭᠲᠡᠢ ᠡᠮᠡᠭᠲᠡᠢ ᠬᠥᠮᠦᠨ᠂ ᠡᠰᠡᠪᠡᠯ ᠰᠤᠪᠠᠢ ᠮᠠᠯ ᠪᠠᠢᠬᠤ ᠦᠭᠡᠢ ᠪᠣᠯᠣᠨ᠎ᠠ᠃ 15 ᠶᠣᠬᠣᠸᠠ ᠪᠦᠬᠦ ᠡᠪᠡᠳᠴᠢᠨ ᠢ ᠴᠢᠮ᠎ᠠ ᠠᠴᠠ ᠵᠠᠢᠯᠠᠭᠤᠯᠬᠤ ᠲᠤᠯᠠ ᠲᠠ ᠨᠠᠷ ᠤᠨ ᠮᠡᠳᠡᠳᠡᠭ ᠶᠧᠵᠢᠫᠲ ᠤᠨ ᠠᠯᠢᠪᠠ ᠬᠣᠣᠷ ᠬᠥᠨᠥᠭᠡᠯᠲᠦ ᠡᠪᠡᠳᠴᠢᠨ ᠢ ᠴᠤ ᠴᠢᠮ᠎ᠠ ᠳᠤ ᠬᠦᠷᠭᠡᠬᠦ ᠦᠭᠡᠢ᠂ ᠬᠠᠷᠢᠨ ᠲᠠ ᠨᠠᠷ ᠢ ᠦᠵᠡᠨ ᠶᠠᠳᠠᠭᠴᠢ ᠪᠦᠬᠦᠨ ᠦ ᠳᠡᠭᠡᠷ᠎ᠡ ᠲᠡᠭᠦᠨ ᠢ ᠪᠠᠭᠤᠯᠭᠠᠨ᠎ᠠ᠃ 16 ᠴᠢ ᠶᠣᠬᠣᠸᠠ ᠪᠤᠷᠬᠠᠨ ᠤ ᠪᠠᠨ ᠴᠢᠮ᠎ᠠ ᠳᠤ ᠲᠤᠰᠢᠶᠠᠬᠤ ᠪᠦᠬᠦ ᠦᠨᠳᠦᠰᠦᠲᠡᠨ ᠢ ᠤᠰᠠᠳᠬᠠᠬᠤ ᠶᠣᠰᠣᠲᠠᠢ᠃ ᠲᠡᠳᠡᠨ ᠢ ᠥᠷᠥ ᠡᠪᠡᠳᠦᠭᠰᠡᠨ ᠨᠢᠳᠦ ᠪᠡᠷ ᠪᠦᠦ ᠬᠠᠷᠠ᠃ ᠪᠤᠷᠬᠠᠳ ᠢ ᠨᠢ ᠪᠦᠦ ᠪᠢᠰᠢᠷᠡ᠃ ᠡᠰᠡ ᠲᠡᠭᠡᠪᠡᠯ ᠴᠢᠮ᠎ᠠ ᠳᠤ ᠤᠷᠠᠬ᠎ᠠ ᠪᠣᠯᠣᠨ᠎ᠠ᠃

17 ᠬᠠᠷᠢᠨ ᠴᠢ ᠳᠣᠲᠣᠷ᠎ᠠ ᠪᠠᠨ 《ᠡᠳᠡᠭᠡᠷ ᠦᠨᠳᠦᠰᠦᠲᠡᠨ ᠮᠠᠨ ᠤ ᠬᠢ ᠡᠴᠡ ᠢᠯᠡᠭᠦᠦ ᠣᠯᠠᠨ᠂ ᠲᠡᠳᠡᠨ ᠢ ᠶᠠᠭᠠᠬᠢᠨ ᠵᠠᠢᠯᠠᠭᠤᠯᠵᠤ ᠴᠢᠳᠠᠬᠤ ᠪᠢᠯᠡ︖》 ᠬᠡᠮᠡᠨ ᠪᠣᠳᠣᠵᠤ ᠮᠠᠭᠠᠳ ᠦᠭᠡᠢ᠃ 18 ᠲᠡᠳᠡᠨ ᠡᠴᠡ ᠪᠦᠦ ᠠᠶᠤ︕ ᠴᠢᠨᠦ ᠪᠤᠷᠬᠠᠨ ᠶᠣᠬᠣᠸᠠ ᠹᠠᠷᠠᠣ᠋ ᠳᠤ ᠪᠣᠯᠣᠨ ᠪᠦᠬᠦ ᠶᠧᠵᠢᠫᠲ ᠲᠤ ᠶᠠᠭᠠᠬᠢᠨ ᠦᠢᠯᠡᠳᠦᠭᠰᠡᠨ ᠢ ᠰᠠᠨᠠ᠃ 19 ᠲᠠ ᠨᠠᠷ ᠤᠨ ᠨᠢᠳᠦ ᠪᠡᠷ ᠢᠶᠠᠨ ᠬᠠᠷᠠᠭᠰᠠᠨ ᠶᠣᠰᠣᠭᠠᠷ ᠴᠢᠨᠦ ᠪᠤᠷᠬᠠᠨ ᠶᠣᠬᠣᠸᠠ ᠠᠭᠤᠤ ᠶᠡᠬᠡ ᠰᠣᠷᠢᠯᠲᠠ ᠪᠠ ᠲᠡᠮᠳᠡᠭ᠂ ᠭᠠᠢᠬᠠᠮᠰᠢᠭ ᠬᠢᠭᠡᠳ ᠬᠦᠴᠦᠷᠬᠡᠭ ᠭᠠᠷ᠂ ᠰᠤᠩ᠋ᠭᠠᠭᠰᠠᠨ ᠮᠤᠲᠤᠷ ᠢᠶᠠᠷ ᠴᠢᠮᠠᠶᠢ ᠭᠠᠷᠭᠠᠵᠤ ᠠᠪᠤᠭᠰᠠᠨ᠃ ᠴᠢᠨᠦ ᠪᠤᠷᠬᠠᠨ ᠶᠣᠬᠣᠸᠠ ᠴᠢᠨᠦ ᠠᠶᠤᠵᠤ ᠪᠠᠢᠭ᠎ᠠ ᠪᠦᠬᠦ ᠦᠨᠳᠦᠰᠦᠲᠡᠨ ᠳᠦ ᠲᠡᠢᠨ ᠬᠦ ᠬᠠᠨᠳᠤᠨ᠎ᠠ᠃ 20 ᠴᠢᠨᠦ ᠪᠤᠷᠬᠠᠨ ᠶᠣᠬᠣᠸᠠ ᠬᠡᠳᠡᠭᠡᠨ᠎ᠡ ᠶᠢ ᠴᠤ ᠢᠯᠡᠭᠡᠵᠦ ᠲᠡᠳᠡᠨ ᠡᠴᠡ ᠦᠯᠡᠳᠡᠭᠰᠡᠳ ᠪᠣᠯᠣᠨ ᠴᠢᠮ᠎ᠠ ᠠᠴᠠ ᠨᠢᠭᠤᠭᠳᠠᠭᠰᠠᠨ ᠬᠥᠮᠦᠰ ᠢ ᠨᠢ ᠬᠦᠷᠲᠡᠯ᠎ᠡ ᠤᠰᠠᠳᠬᠠᠨ᠎ᠠ᠃ 21 ᠴᠢ ᠲᠡᠳᠡᠨ ᠡᠴᠡ ᠪᠦᠦ ᠠᠶᠤ︕ ᠤᠴᠢᠷ ᠨᠢ ᠴᠢᠨᠦ ᠪᠤᠷᠬᠠᠨ ᠶᠣᠬᠣᠸᠠ᠂ ᠠᠭᠤᠤ ᠪᠥᠭᠡᠳ ᠠᠶᠤᠮᠰᠢᠭᠲᠤ ᠪᠤᠷᠬᠠᠨ ᠲᠠ ᠨᠠᠷ ᠤᠨ ᠳᠤᠮᠳᠠ ᠪᠠᠢᠨ᠎ᠠ᠃ 22 ᠴᠢᠨᠦ ᠪᠤᠷᠬᠠᠨ ᠶᠣᠬᠣᠸᠠ ᠲᠡᠳᠡᠭᠡᠷ ᠦᠨᠳᠦᠰᠦᠲᠡᠨ ᠨᠦᠭᠦᠳ ᠢ ᠴᠢᠨᠦ ᠡᠮᠦᠨ᠎ᠡ ᠡᠴᠡ ᠪᠠᠭ᠎ᠠ ᠪᠠᠭ᠎ᠠ ᠪᠠᠷ ᠬᠥᠭᠡᠭᠡᠨ ᠵᠠᠢᠯᠠᠭᠤᠯᠬᠤ ᠪᠣᠯᠣᠨ᠎ᠠ᠂ ᠴᠢ ᠲᠡᠳᠡᠨ ᠢ ᠳᠠᠷᠤᠢᠬᠠᠨ ᠤᠰᠠᠳᠬᠠᠵᠤ ᠪᠣᠯᠬᠤ ᠦᠭᠡᠢ᠃ ᠡᠰᠡ ᠲᠡᠭᠡᠪᠡᠯ ᠬᠡᠭᠡᠷ᠎ᠡ ᠶᠢᠨ ᠠᠷᠢᠶᠠᠲᠠᠨ ᠡᠷᠭᠢᠨ ᠲᠣᠭᠣᠷᠢᠨ ᠳᠤ ᠴᠢᠨᠢ ᠣᠯᠠᠰᠢᠷᠠᠬᠤ ᠪᠣᠯᠣᠨ᠎ᠠ᠃ 23 ᠴᠢᠨᠦ ᠪᠤᠷᠬᠠᠨ ᠶᠣᠬᠣᠸᠠ ᠲᠡᠳᠡᠨ ᠢ ᠴᠢᠮ᠎ᠠ ᠳᠤ ᠲᠤᠰᠢᠶᠠᠨ ᠦᠯᠡᠮᠵᠢ ᠶᠡᠬᠡ ᠦᠢᠮᠡᠭᠡᠨ ᠳᠦ ᠠᠪᠲᠠᠭᠤᠯᠵᠤ᠂ ᠬᠣᠵᠢᠮ ᠨᠢ ᠲᠡᠳᠡᠨ ᠢ ᠤᠰᠠᠳᠬᠠᠵᠤ ᠳᠠᠭᠤᠰᠬᠠᠨ᠎ᠠ᠂ 24 ᠮᠥᠨ ᠲᠡᠳᠡᠨ ᠦ ᠬᠠᠭᠠᠳ ᠢ ᠴᠢᠨᠦ ᠭᠠᠷ ᠲᠤ ᠲᠤᠰᠢᠶᠠᠬᠤ ᠪᠥᠭᠡᠳ ᠴᠢ ᠲᠡᠳᠡᠨ ᠦ ᠨᠡᠷᠡᠰ ᠢ ᠲᠩᠷᠢ ᠶᠢᠨ ᠳᠣᠣᠷ᠎ᠠ ᠠᠴᠠ ᠠᠷᠴᠢᠨ ᠵᠠᠢᠯᠠᠭᠤᠯᠤᠨ᠎ᠠ᠂ ᠴᠢᠨᠦ ᠡᠮᠦᠨ᠎ᠡ ᠵᠣᠭᠰᠣᠵᠤ ᠴᠢᠳᠠᠬᠤ ᠬᠥᠮᠦᠨ ᠨᠢᠭᠡ ᠴᠤ ᠦᠭᠡᠢ ᠪᠣᠯᠲᠠᠯ᠎ᠠ ᠴᠢ ᠲᠡᠳᠡᠨ ᠢ ᠤᠰᠠᠳᠬᠠᠬᠤ ᠪᠣᠯᠣᠨ᠎ᠠ᠃ 25 ᠬᠠᠷᠢᠨ ᠴᠢ ᠪᠤᠷᠬᠠᠳ ᠤᠨ ᠬᠢᠨᠢ ᠰᠡᠢᠯᠦᠮᠡᠯ ᠬᠥᠷᠥᠭ ᠢ ᠭᠠᠯ ᠳᠤ ᠰᠢᠲᠠᠭᠠᠬᠤ ᠶᠣᠰᠣᠲᠠᠢ᠂ ᠲᠡᠭᠦᠨ ᠦ ᠬᠢᠨᠢ ᠳᠡᠭᠡᠷᠡᠬᠢ ᠠᠯᠲᠠ᠂ ᠮᠥᠩᠭᠥᠨ ᠳᠤ ᠪᠦᠦ ᠰᠢᠨᠤ᠂ ᠲᠡᠳᠡᠭᠡᠷ ᠢ ᠥᠪᠡᠷ ᠲᠡᠭᠡᠨ ᠪᠦᠦ ᠠᠪ᠃ ᠴᠢ ᠲᠡᠳᠡᠭᠡᠷ ᠦᠨ ᠤᠷᠠᠬᠠᠨ ᠳᠤ ᠤᠷᠤᠭᠤᠵᠠᠢ᠃ ᠴᠢᠨᠦ ᠪᠤᠷᠬᠠᠨ ᠶᠣᠬᠣᠸᠠ ᠲᠡᠢᠮᠦ ᠶᠠᠪᠤᠳᠠᠯ ᠢ ᠵᠢᠭ᠍ᠰᠢᠳᠡᠭ᠃ 26 ᠴᠢ ᠵᠢᠭᠰᠢᠭᠦᠷᠢᠲᠦ ᠵᠦᠢᠯ ᠢ ᠭᠡᠷ ᠣᠷᠣᠨ ᠳᠠᠭᠠᠨ ᠪᠦᠦ ᠠᠪᠴᠢᠷᠠ᠂ ᠴᠢ ᠴᠤ ᠲᠡᠭᠦᠨ ᠲᠡᠢ ᠬᠠᠮᠲᠤ ᠤᠰᠠᠳᠬᠠᠭᠳᠠᠬᠤ ᠪᠠᠷ ᠵᠣᠷᠢᠭᠤᠯᠤᠭᠳᠠᠭᠰᠠᠨ ᠵᠦᠢᠯ ᠪᠣᠯᠣᠭᠤᠵᠠᠢ᠃ ᠴᠢ ᠲᠡᠭᠦᠨ ᠢ ᠵᠢᠭᠰᠢᠬᠦ ᠶᠢᠨ ᠶᠡᠬᠡ ᠪᠡᠷ ᠵᠢᠭ᠍ᠰᠢᠵᠦ᠂ ᠵᠢᠪᠡᠭᠦᠴᠡᠬᠦ ᠶᠢᠨ ᠶᠡᠬᠡ ᠪᠡᠷ ᠵᠢᠪᠡᠭᠦᠴᠡ᠃ ᠲᠡᠷᠡ ᠨᠢ ᠤᠰᠠᠳᠬᠠᠭᠳᠠᠬᠤ ᠪᠠᠷ ᠵᠣᠷᠢᠭᠤᠯᠤᠭᠳᠠᠭᠰᠠᠨ ᠵᠦᠢᠯ ᠶᠤᠮ᠃