1 2 3 4 5 6 7 8 9 10 11 12 13 14 15 16 17 18 19 20 21 22 23 24 25 26 27 28 29 30 31 32 33 34


ᠳᠡᠳ᠋ ᠬᠠᠤᠯᠢ ᠬᠣᠷᠢᠨ ᠨᠠᠢ᠌ᠮᠠ
 ᠳᠤᠭᠤᠯᠭᠠᠪᠤᠷᠢᠲᠠᠢ ᠪᠠᠢᠪᠠᠯ ᠢᠷᠥᠭᠡᠭᠳᠡᠨ᠎ᠡ

1 ᠬᠡᠷᠪᠡ ᠴᠢ ᠶᠣᠬᠣᠸᠠ ᠪᠤᠷᠬᠠᠨ ᠳᠠᠭᠠᠨ ᠦᠨᠡᠬᠡᠷ ᠳᠤᠭᠤᠯᠭᠠᠪᠤᠷᠢᠲᠠᠢ ᠪᠠᠢᠵᠤ᠂ ᠮᠢᠨᠦ ᠥᠨᠥᠳᠥᠷ ᠦᠨ ᠴᠢᠮ᠎ᠠ ᠳᠤ ᠥᠭᠴᠦ ᠪᠤᠢ ᠲᠡᠭᠦᠨ ᠦ ᠪᠦᠬᠦ ᠲᠤᠰᠢᠶᠠᠯ ᠢ ᠰᠠᠬᠢᠨ ᠪᠡᠶᠡᠯᠡᠭᠦᠯᠪᠡᠯ᠂ ᠴᠢᠨᠦ ᠪᠤᠷᠬᠠᠨ ᠶᠣᠬᠣᠸᠠ ᠴᠢᠮᠠᠶᠢ ᠭᠠᠵᠠᠷ ᠳᠡᠯᠡᠬᠡᠢ ᠳᠡᠭᠡᠷᠡᠬᠢ ᠬᠠᠮᠤᠭ ᠦᠨᠳᠦᠰᠦᠲᠡᠨ ᠦ ᠳᠡᠭᠡᠷ᠎ᠡ ᠡᠷᠭᠦᠨ᠎ᠡ᠃ 2 ᠬᠡᠷᠪᠡ ᠴᠢ ᠶᠣᠬᠣᠸᠠ ᠪᠤᠷᠬᠠᠨ ᠳᠠᠭᠠᠨ ᠳᠤᠭᠤᠯᠭᠠᠪᠤᠷᠢᠲᠠᠢ ᠪᠠᠢᠪᠠᠯ᠂ ᠳᠠᠷᠠᠭᠠᠬᠢ ᠪᠦᠬᠦ ᠢᠪᠡᠭᠡᠯ ᠴᠢᠮ᠎ᠠ ᠳᠡᠭᠡᠷ᠎ᠡ ᠪᠠᠭᠤᠵᠤ᠂ ᠴᠢᠮ᠎ᠠ ᠳᠤ ᠬᠦᠷᠦᠨ᠎ᠡ᠄

3 ᠴᠢ ᠬᠣᠲᠠ ᠳᠤ ᠴᠤ ᠢᠪᠡᠭᠡᠭᠳᠡᠨ᠎ᠡ᠂ ᠬᠥᠳᠡᠭᠡ ᠳᠦ ᠴᠤ ᠢᠪᠡᠭᠡᠭᠳᠡᠨ᠎ᠡ᠃

4 ᠬᠡᠪᠡᠯᠢ ᠶᠢᠨ ᠴᠢᠨᠢ ᠦᠷ᠎ᠡ ᠬᠡᠦᠬᠡᠳ 11 ᠂ ᠭᠠᠵᠠᠷ ᠤᠨ ᠴᠢᠨᠢ ᠦᠷ᠎ᠡ ᠵᠢᠮᠢᠰ᠂ ᠮᠠᠯ ᠤᠨ ᠴᠢᠨᠢ ᠦᠷ᠎ᠡ ᠲᠥᠯ 12 ᠂ ᠪᠣᠳᠠ ᠪᠣᠭ ᠮᠠᠯ ᠤᠨ ᠴᠢᠨᠢ ᠲᠥᠯ ᠢᠪᠡᠭᠡᠭᠳᠡᠨ᠎ᠡ᠃

5 ᠴᠢᠨᠦ ᠰᠠᠭᠰᠤ᠂ ᠴᠢᠨᠦ ᠭᠤᠯᠢᠷ ᠵᠢᠭᠤᠷᠠᠬᠤ ᠰᠠᠪᠠ ᠢᠪᠡᠭᠡᠭᠳᠡᠨ᠎ᠡ᠃

6 ᠴᠢ ᠣᠷᠣᠬᠤ ᠳᠠᠭᠠᠨ ᠴᠤ ᠢᠪᠡᠭᠡᠭᠳᠡᠨ᠎ᠡ᠂ ᠭᠠᠷᠬᠤ ᠳᠠᠭᠠᠨ ᠴᠤ ᠢᠪᠡᠭᠡᠭᠳᠡᠨ᠎ᠡ᠃

7 ᠴᠢᠨᠦ ᠡᠰᠡᠷᠭᠦ ᠪᠣᠰᠬᠤ ᠳᠠᠢᠰᠤᠨ ᠨᠤᠭᠤᠳ ᠢ ᠶᠣᠬᠣᠸᠠ ᠴᠢᠨᠦ ᠡᠮᠦᠨ᠎ᠡ ᠪᠤᠲᠠ ᠴᠣᠬᠢᠨ᠎ᠠ᠃ ᠲᠡᠳᠡ ᠴᠢᠮ᠎ᠠ ᠤᠷᠤᠭᠤ ᠨᠢᠭᠡ ᠵᠠᠮ ᠢᠶᠠᠷ ᠳᠣᠪᠲᠣᠯᠵᠤ᠂ ᠴᠢᠮ᠎ᠠ ᠠᠴᠠ ᠳᠣᠯᠣᠭᠠᠨ ᠵᠠᠮ ᠢᠶᠠᠷ ᠵᠢᠭᠤᠲᠠᠨ᠎ᠠ᠃ 8 ᠶᠣᠬᠣᠸᠠ ᠴᠢᠨᠦ ᠬᠥᠮᠥᠷᠭᠡ᠂ ᠴᠢᠨᠦ ᠭᠠᠷ ᠬᠦᠷᠬᠦ ᠪᠦᠬᠦᠨ ᠳᠦ ᠢᠪᠡᠭᠡᠯ ᠪᠠᠭᠤᠯᠭᠠᠨ᠎ᠠ᠂ ᠴᠢᠨᠦ ᠪᠤᠷᠬᠠᠨ ᠶᠣᠬᠣᠸᠠ ᠴᠢᠮ᠎ᠠ ᠳᠤ ᠥᠭᠬᠦ ᠲᠡᠷᠡ ᠨᠤᠲᠤᠭ ᠲᠠᠭᠠᠨ ᠴᠢᠮᠠᠶᠢ ᠢᠪᠡᠭᠡᠨ᠎ᠡ᠃ 9 ᠬᠡᠷᠪᠡ ᠴᠢ ᠶᠣᠬᠣᠸᠠ ᠪᠤᠷᠬᠠᠨ ᠤ ᠪᠠᠨ ᠲᠤᠰᠢᠶᠠᠯ ᠢ ᠰᠠᠬᠢᠵᠤ᠂ ᠲᠡᠭᠦᠨ ᠦ ᠵᠠᠮ ᠢᠶᠠᠷ ᠵᠠᠮᠨᠠᠪᠠᠯ ᠶᠣᠬᠣᠸᠠ ᠴᠢᠮ᠎ᠠ ᠳᠤ ᠲᠠᠩ᠋ᠭᠠᠷᠢᠭᠯᠠᠭᠰᠠᠨ ᠶᠣᠰᠣᠭᠠᠷ ᠢᠶᠠᠨ ᠴᠢᠮᠠᠶᠢ ᠥᠪᠡᠷ ᠦᠨ ᠢᠶᠠᠨ ᠠᠷᠢᠭᠤᠨ ᠠᠷᠠᠳ ᠲᠦᠮᠡᠨ ᠭᠡᠵᠦ ᠪᠠᠲᠤᠯᠠᠨ᠎ᠠ᠃ 10 ᠳᠡᠯᠡᠬᠡᠢ ᠳᠡᠭᠡᠷᠡᠬᠢ ᠬᠠᠮᠤᠭ ᠦᠨᠳᠦᠰᠦᠲᠡᠨ ᠶᠣᠬᠣᠸᠠ ᠶᠢᠨ ᠨᠡᠷ᠎ᠡ ᠪᠡᠷ ᠳᠠᠭᠤᠳᠠᠭᠳᠠᠬᠤ ᠶᠢ ᠴᠢᠨᠢ ᠬᠠᠷᠠᠭᠠᠳ ᠴᠢᠮ᠎ᠠ ᠠᠴᠠ ᠠᠶᠤᠬᠤ ᠪᠣᠯᠣᠨ᠎ᠠ᠃ 11 ᠶᠣᠬᠣᠸᠠ ᠴᠢᠮ᠎ᠠ ᠳᠤ ᠥᠭᠬᠦ ᠪᠡᠷ ᠴᠢᠨᠦ ᠡᠴᠢᠭᠡ ᠡᠪᠦᠭᠡᠳ ᠲᠦ ᠲᠠᠩ᠋ᠭᠠᠷᠢᠭᠯᠠᠭᠰᠠᠨ ᠭᠠᠵᠠᠷ ᠳᠡᠭᠡᠷ᠎ᠡ ᠪᠡᠨ ᠰᠠᠢᠨ ᠰᠠᠢᠬᠠᠨ ᠢ᠂ ᠪᠡᠶ᠎ᠡ ᠶᠢᠨ ᠴᠢᠨᠢ ᠦᠷ᠎ᠡ ᠬᠡᠦᠬᠡᠳ᠂ ᠮᠠᠯ ᠤᠨ ᠴᠢᠨᠢ ᠦᠷ᠎ᠡ ᠲᠥᠯ ᠪᠣᠯᠣᠨ ᠭᠠᠵᠠᠷ ᠤᠨ ᠴᠢᠨᠢ ᠦᠷ᠎ᠡ ᠵᠢᠮᠢᠰ ᠢ ᠴᠢᠮ᠎ᠠ ᠳᠤ ᠡᠯᠪᠡᠭ ᠳᠡᠯᠪᠡᠭ ᠢᠶᠡᠷ ᠰᠣᠶᠣᠷᠬᠠᠨ᠎ᠠ᠃ 12 ᠶᠣᠬᠣᠸᠠ ᠲᠩᠷᠢ ᠶᠢᠨ ᠪᠠᠶᠠᠨ ᠬᠥᠮᠥᠷᠭᠡ ᠪᠡᠨ ᠨᠡᠭᠡᠭᠡᠵᠦ ᠭᠠᠵᠠᠷ ᠳᠡᠭᠡᠷ᠎ᠡ ᠴᠢᠨᠢ ᠬᠤᠷ᠎ᠠ ᠪᠣᠷᠣᠭᠠᠨ ᠢ ᠴᠠᠭ ᠲᠤᠨᠢ ᠣᠷᠣᠭᠤᠯᠵᠤ᠂ ᠭᠠᠷ ᠤᠨ ᠴᠢᠨᠢ ᠠᠯᠢᠪᠠ ᠠᠵᠢᠯ ᠦᠢᠯᠡᠰ ᠢ ᠢᠪᠡᠭᠡᠨ᠎ᠡ᠃ ᠴᠢ ᠣᠯᠠᠨ ᠦᠨᠳᠦᠰᠦᠲᠡᠨ ᠳᠦ ᠵᠢᠭᠡᠯᠡᠭᠦᠯᠦᠨ᠎ᠡ᠂ ᠬᠠᠷᠢᠨ ᠵᠢᠭᠡᠯᠡᠬᠦ ᠦᠭᠡᠢ᠃ 13 ᠬᠡᠷᠪᠡ ᠴᠢ ᠮᠢᠨᠦ ᠥᠨᠥᠳᠥᠷ ᠦᠨ ᠴᠢᠮ᠎ᠠ ᠳᠤ ᠥᠭᠴᠦ ᠪᠤᠢ ᠶᠣᠬᠣᠸᠠ ᠪᠤᠷᠬᠠᠨ ᠤ ᠪᠠᠨ ᠲᠤᠰᠢᠶᠠᠯ ᠢ ᠰᠣᠨᠣᠰᠣᠭᠠᠳ ᠰᠠᠬᠢᠵᠤ ᠪᠡᠶᠡᠯᠡᠭᠦᠯᠪᠡᠯ ᠶᠣᠬᠣᠸᠠ ᠴᠢᠮᠠᠶᠢ ᠰᠡᠭᠦᠯ ᠪᠣᠯᠭᠠᠬᠤ ᠦᠭᠡᠢ᠂ ᠲᠣᠯᠣᠭᠠᠢ ᠪᠣᠯᠭᠠᠨ᠎ᠠ᠂ ᠴᠢ ᠤᠷᠤᠭᠤᠳᠠᠬᠤ ᠦᠭᠡᠢ᠂ ᠢᠮᠠᠭᠲᠠ ᠥᠭᠡᠳᠡᠯᠡᠬᠦ ᠪᠣᠯᠣᠨ᠎ᠠ᠃ 14 ᠥᠨᠥᠳᠥᠷ ᠦᠨ ᠮᠢᠨᠦ ᠲᠠ ᠨᠠᠷ ᠲᠤ ᠲᠤᠰᠢᠶᠠᠵᠤ ᠪᠤᠢ ᠠᠯᠢᠪᠠ ᠦᠭᠡᠨ ᠡᠴᠡ ᠪᠠᠷᠠᠭᠤᠨ ᠲᠡᠰᠢ ᠴᠤ᠂ ᠵᠡᠭᠦᠨ ᠲᠡᠰᠢ ᠴᠤ ᠪᠦᠦ ᠬᠠᠵᠠᠢ᠃ ᠥᠭᠡᠷ᠎ᠡ ᠪᠤᠷᠬᠠᠳ ᠤᠨ ᠬᠣᠢᠨ᠎ᠠ ᠠᠴᠠ ᠶᠠᠪᠤᠵᠤ ᠲᠡᠳᠡᠨ ᠳᠦ ᠦᠢᠯᠡᠴᠢᠯᠡᠵᠦ ᠪᠣᠯᠬᠤ ᠦᠭᠡᠢ᠃
 ᠳᠤᠭᠤᠯᠭᠠᠪᠤᠷᠢ ᠦᠭᠡᠢ ᠪᠠᠢᠪᠠᠯ ᠬᠠᠷᠢᠶᠠᠭᠳᠠᠨ᠎ᠠ

15 ᠬᠡᠷᠪᠡ ᠴᠢ ᠶᠣᠬᠣᠸᠠ ᠪᠤᠷᠬᠠᠨ ᠳᠠᠭᠠᠨ ᠳᠤᠭᠤᠯᠭᠠᠪᠤᠷᠢ ᠦᠭᠡᠢ ᠪᠠᠢᠪᠠᠯ᠂ ᠥᠨᠥᠳᠥᠷ ᠦᠨ ᠮᠢᠨᠦ ᠴᠢᠮ᠎ᠠ ᠳᠤ ᠥᠭᠴᠦ ᠪᠤᠢ ᠪᠦᠬᠦ ᠲᠤᠰᠢᠶᠠᠯ᠂ ᠲᠣᠭᠲᠠᠭᠠᠯ ᠢ ᠰᠠᠬᠢᠵᠤ ᠪᠡᠶᠡᠯᠡᠭᠦᠯᠬᠦ ᠦᠭᠡᠢ ᠪᠠᠢᠪᠠᠯ ᠳᠠᠷᠠᠭᠠᠬᠢ ᠪᠦᠬᠦ ᠬᠠᠷᠢᠶᠠᠯ ᠴᠢᠮ᠎ᠠ ᠳᠡᠭᠡᠷ᠎ᠡ ᠪᠠᠭᠤᠵᠤ᠂ ᠴᠢᠮ᠎ᠠ ᠳᠤ ᠬᠦᠷᠦᠨ᠎ᠡ᠄

16 ᠴᠢ ᠬᠣᠲᠠ ᠳᠤ ᠴᠤ ᠬᠠᠷᠢᠶᠠᠭᠳᠠᠨ᠎ᠠ᠂ ᠬᠥᠳᠡᠭᠡ ᠳᠦ ᠴᠤ ᠬᠠᠷᠢᠶᠠᠭᠳᠠᠨ᠎ᠠ᠃

17 ᠴᠢᠨᠦ ᠰᠠᠭᠰᠤ᠂ ᠴᠢᠨᠦ ᠭᠤᠯᠢᠷ ᠵᠢᠭᠤᠷᠠᠬᠤ ᠰᠠᠪᠠ ᠬᠠᠷᠢᠶᠠᠭᠳᠠᠨ᠎ᠠ᠃

18 ᠬᠡᠪᠡᠯᠢ ᠶᠢᠨ ᠴᠢᠨᠢ ᠦᠷ᠎ᠡ ᠬᠡᠦᠬᠡᠳ᠂ ᠭᠠᠵᠠᠷ ᠤᠨ ᠴᠢᠨᠢ ᠦᠷ᠎ᠡ ᠵᠢᠮᠢᠰ ᠪᠣᠯᠣᠨ ᠪᠣᠳᠠ ᠪᠣᠭ ᠮᠠᠯ ᠤᠨ ᠴᠢᠨᠢ ᠲᠥᠯ ᠬᠠᠷᠢᠶᠠᠭᠳᠠᠨ᠎ᠠ᠃

19 ᠴᠢ ᠣᠷᠣᠬᠤ ᠳᠠᠭᠠᠨ ᠴᠤ ᠬᠠᠷᠢᠶᠠᠭᠳᠠᠨ᠎ᠠ᠂ ᠭᠠᠷᠬᠤ ᠳᠠᠭᠠᠨ ᠴᠤ ᠬᠠᠷᠢᠶᠠᠭᠳᠠᠨ᠎ᠠ᠃

20 ᠮᠠᠭᠤ ᠶᠢ ᠦᠢᠯᠡᠳᠦᠨ ᠶᠣᠬᠣᠸᠠ ᠶᠢ ᠣᠭᠣᠷᠣᠭᠰᠠᠨ ᠠᠴᠠ ᠪᠠᠨ ᠪᠣᠯᠵᠤ᠂ ᠴᠢ ᠰᠦᠢᠷᠡᠵᠦ ᠦᠳᠲᠡᠷ ᠰᠥᠨᠥᠬᠦ ᠬᠦᠷᠲᠡᠯ᠎ᠡ ᠴᠢᠨᠦ ᠭᠠᠷ ᠬᠦᠷᠬᠦ ᠪᠦᠬᠦᠨ ᠳᠦ ᠶᠣᠬᠣᠸᠠ ᠬᠠᠷᠢᠶᠠᠯ᠂ ᠰᠠᠮᠠᠭᠤᠷᠠᠯ᠂ ᠵᠢᠮᠡᠯᠡᠯ ᠢ ᠢᠯᠡᠭᠡᠭᠰᠡᠭᠡᠷ ᠪᠠᠢᠬᠤ ᠪᠣᠯᠣᠨ᠎ᠠ᠃ 21 ᠶᠣᠬᠣᠸᠠ ᠴᠢᠨᠦ ᠡᠵᠡᠮᠰᠢᠬᠦ ᠪᠡᠷ ᠣᠴᠢᠬᠤ ᠭᠠᠵᠠᠷ ᠠᠴᠠ ᠴᠢᠮᠠᠶᠢ ᠤᠰᠠᠳᠬᠠᠲᠠᠯ᠎ᠠ ᠪᠠᠨ ᠴᠢᠮ᠎ᠠ ᠠᠴᠠ ᠲᠠᠬᠤᠯ ᠢ ᠰᠠᠯᠭᠠᠬᠤ ᠦᠭᠡᠢ᠃ 22 ᠶᠣᠬᠣᠸᠠ ᠴᠢᠮᠠᠶᠢ ᠬᠠᠳᠬᠤᠭ᠎ᠠ᠂ ᠬᠠᠯᠠᠭᠤᠷᠠᠯ᠂ ᠦᠷᠪᠢᠰᠦᠯ᠂ ᠰᠢᠲᠠᠮ᠎ᠠ ᠬᠠᠯᠠᠭᠤᠨ᠂ ᠭᠠᠩ ᠭᠠᠴᠢᠭ᠂ ᠰᠢᠪᠠᠵᠢ ᠶᠢᠨ ᠭᠠᠮᠰᠢᠭ ᠪᠠ ᠬᠥᠭᠡᠴᠦ ᠮᠥᠭᠥᠨᠴᠢᠷ ᠢᠶᠠᠷ ᠴᠣᠬᠢᠬᠤ ᠲᠤᠯᠠ ᠡᠳᠡᠭᠡᠷ ᠨᠢ ᠴᠢᠮᠠᠶᠢ ᠰᠥᠨᠥᠲᠡᠯ᠎ᠡ ᠳᠠᠭᠠᠬᠤ ᠪᠣᠯᠣᠨ᠎ᠠ᠃ 23 ᠴᠢᠨᠦ ᠲᠣᠯᠣᠭᠠᠢ ᠳᠡᠭᠡᠷᠡᠬᠢ ᠲᠩᠷᠢ ᠬᠦᠷᠡᠯ ᠪᠣᠯᠵᠤ᠂ ᠴᠢᠨᠦ ᠳᠣᠣᠷᠠᠬᠢ ᠭᠠᠵᠠᠷ ᠲᠡᠮᠦᠷ ᠪᠣᠯᠣᠨ᠎ᠠ᠃ 24 ᠶᠣᠬᠣᠸᠠ ᠪᠣᠷᠣᠭᠠᠨ ᠤ ᠣᠷᠣᠨ ᠳᠤ ᠡᠯᠡᠰᠦ ᠲᠣᠭᠣᠰᠣ ᠶᠢ ᠴᠢᠨᠦ ᠭᠠᠵᠠᠷ ᠳᠡᠭᠡᠷ᠎ᠡ ᠪᠠᠭᠤᠯᠭᠠᠬᠤ ᠲᠤᠯᠠ ᠲᠡᠷᠡ ᠨᠢ ᠴᠢᠮᠠᠶᠢ ᠤᠰᠠᠳᠲᠠᠯ᠎ᠠ ᠲᠩᠷᠢ ᠡᠴᠡ ᠪᠠᠭᠤᠬᠤ ᠪᠣᠯᠣᠨ᠎ᠠ᠃

25 ᠶᠣᠬᠣᠸᠠ ᠴᠢᠮᠠᠶᠢ ᠳᠠᠢᠰᠤᠨ ᠨᠤᠭᠤᠳ ᠤᠨ ᠴᠢᠨᠢ ᠡᠮᠦᠨ᠎ᠡ ᠪᠤᠲᠠ ᠴᠣᠬᠢᠨ᠎ᠠ᠃ ᠴᠢ ᠥᠭᠡᠳᠡ ᠡᠴᠡ ᠨᠢ ᠨᠢᠭᠡ ᠵᠠᠮ ᠢᠶᠠᠷ ᠳᠣᠪᠲᠣᠯᠵᠤ᠂ ᠲᠡᠳᠡᠨ ᠡᠴᠡ ᠳᠣᠯᠣᠭᠠᠨ ᠵᠠᠮ ᠢᠶᠠᠷ ᠵᠢᠭᠤᠲᠠᠨ᠎ᠠ᠃ ᠴᠢ ᠳᠡᠯᠡᠬᠡᠢ ᠶᠢᠨ ᠬᠠᠮᠤᠭ ᠭᠦᠷᠦᠨ ᠢ ᠴᠣᠴᠢᠷᠳᠠᠭᠤᠯᠤᠨ᠎ᠠ 13 26 ᠴᠢᠨᠦ ᠬᠡᠭᠦᠷ ᠣᠭᠲᠠᠷᠭᠤᠢ ᠶᠢᠨ ᠪᠦᠬᠦ ᠰᠢᠪᠠᠭᠤᠳ᠂ ᠭᠠᠵᠠᠷ ᠤᠨ ᠠᠷᠢᠶᠠᠲᠠᠳ ᠤᠨ ᠬᠣᠭᠣᠯᠠ ᠪᠣᠯᠬᠤ ᠪᠣᠯᠪᠠᠴᠤ ᠲᠡᠳᠡᠨ ᠢ ᠦᠷᠭᠦᠭᠡᠬᠦ ᠬᠥᠮᠦᠨ ᠠᠯᠠᠭ᠎ᠠ᠃ 27 ᠶᠣᠬᠣᠸᠠ ᠴᠢᠮᠠᠶᠢ ᠶᠧᠵᠢᠫᠲ ᠤᠨ ᠬᠠᠲᠠᠭᠢ᠂ ᠬᠠᠪᠤᠳᠠᠷ᠂ ᠮᠠᠭᠠᠵᠢᠭᠤᠷ᠂ ᠬᠠᠮᠠᠭᠤ ᠵᠡᠷᠭᠡ ᠡᠳᠡᠭᠡᠷᠡᠰᠢ ᠦᠭᠡᠢ ᠡᠪᠡᠳᠴᠢᠨ ᠢᠶᠠᠷ ᠴᠣᠬᠢᠨ᠎ᠠ᠃ 28 ᠪᠠᠰᠠ ᠶᠣᠬᠣᠸᠠ ᠴᠢᠮᠠᠶᠢ ᠭᠠᠯᠵᠠᠭᠤ᠂ ᠰᠣᠬᠣᠷ᠂ ᠰᠣᠯᠢᠶ᠎ᠠ ᠡᠪᠡᠳᠴᠢᠨ ᠢᠶᠠᠷ ᠴᠣᠬᠢᠨ᠎ᠠ᠃ 29 ᠰᠣᠬᠣᠷ ᠬᠥᠮᠦᠨ ᠬᠠᠷᠠᠩ᠋ᠭᠤᠢ ᠳᠤ ᠲᠡᠮᠲᠡᠴᠢᠬᠦ ᠶᠢᠨ ᠠᠳᠠᠯᠢ᠂ ᠴᠢ ᠭᠡᠭᠡᠨ ᠴᠠᠭᠠᠨ ᠡᠳᠦᠷ ᠢᠶᠡᠷ ᠴᠤ ᠲᠡᠮᠲᠡᠴᠢᠬᠦ ᠪᠣᠯᠪᠠᠴᠤ ᠵᠠᠮ ᠮᠥᠷ ᠴᠢᠨᠢ ᠪᠦᠲᠦᠮᠵᠢ ᠦᠭᠡᠢ ᠪᠠᠢᠬᠤ ᠪᠥᠭᠡᠳ ᠴᠢ ᠡᠳᠦᠷ ᠪᠦᠷᠢ ᠳᠠᠷᠤᠯᠠᠭᠳᠠᠨ ᠳᠡᠭᠡᠷᠡᠮᠳᠡᠭᠦᠯᠦᠭᠰᠡᠭᠡᠷ ᠪᠠᠢᠭᠰᠠᠨ ᠴᠤ ᠴᠢᠮᠠᠶᠢ ᠠᠪᠤᠷᠠᠬᠤ ᠬᠥᠮᠦᠨ ᠠᠯᠠᠭ᠎ᠠ᠃ 30 ᠴᠢ ᠪᠦᠰᠡᠭᠦᠢ ᠬᠥᠮᠦᠨ ᠲᠡᠢ ᠰᠦᠢ ᠲᠠᠯᠪᠢᠬᠤ ᠪᠣᠯᠪᠠᠴᠤ ᠥᠭᠡᠷ᠎ᠡ ᠬᠥᠮᠦᠨ ᠲᠡᠭᠦᠨ ᠢ ᠴᠢᠨᠢ ᠬᠦᠴᠦᠷᠬᠡᠭᠯᠡᠨ᠎ᠡ᠂ ᠪᠠᠢᠰᠢᠩ ᠪᠠᠷᠢᠬᠤ ᠪᠣᠯᠪᠠᠴᠤ ᠲᠡᠭᠦᠨ ᠳᠡᠭᠡᠨ ᠰᠠᠭᠤᠬᠤ ᠦᠭᠡᠢ᠂ ᠦᠵᠦᠮ ᠦᠨ ᠴᠡᠴᠡᠷᠯᠢᠭ ᠪᠠᠢᠭᠤᠯᠬᠤ ᠪᠣᠯᠪᠠᠴᠤ ᠦᠷ᠎ᠡ ᠵᠢᠮᠢᠰ ᠢ ᠨᠢ ᠠᠮᠰᠠᠬᠤ ᠦᠭᠡᠢ᠃ 31 ᠴᠢ ᠦᠬᠡᠷ ᠢᠶᠡᠨ ᠨᠢᠳᠦᠨ ᠡᠮᠦᠨ᠎ᠡ ᠪᠡᠨ ᠨᠢᠳᠤᠯᠤᠭᠤᠯᠬᠤ ᠪᠣᠯᠪᠠᠴᠤ ᠲᠡᠭᠦᠨ ᠢ ᠪᠠᠨ ᠢᠳᠡᠵᠦ ᠴᠢᠳᠠᠬᠤ ᠦᠭᠡᠢ᠂ ᠡᠯᠵᠢᠭᠡ ᠪᠡᠨ ᠤᠯᠠᠭᠠᠨ ᠨᠢᠭᠤᠷ ᠳᠡᠭᠡᠷ᠎ᠡ ᠪᠡᠨ ᠳᠡᠭᠡᠷᠡᠮᠳᠡᠭᠦᠯᠬᠦ ᠪᠣᠯᠪᠠᠴᠤ ᠲᠡᠭᠦᠨ ᠢ ᠪᠠᠨ ᠪᠤᠴᠠᠭᠠᠵᠤ ᠠᠪᠴᠤ ᠴᠢᠳᠠᠬᠤ ᠦᠭᠡᠢ᠂ ᠬᠣᠨᠢ ᠪᠠᠨ ᠳᠠᠢᠰᠤᠨ ᠨᠤᠭᠤᠳ ᠲᠤ ᠪᠤᠯᠢᠶᠠᠭᠳᠠᠬᠤ ᠪᠣᠯᠪᠠᠴᠤ ᠴᠢᠮ᠎ᠠ ᠳᠤ ᠲᠤᠰᠠᠯᠠᠬᠤ ᠬᠥᠮᠦᠨ ᠠᠯᠠᠭ᠎ᠠ᠃ 32 ᠴᠢ ᠬᠥᠪᠡᠭᠦᠳ ᠥᠬᠢᠳ ᠢᠶᠠᠨ ᠥᠭᠡᠷ᠎ᠡ ᠦᠨᠳᠦᠰᠦᠲᠡᠨ ᠳᠦ ᠪᠤᠯᠢᠶᠠᠭᠳᠠᠬᠤ ᠲᠤᠯᠠ᠂ ᠡᠳᠦᠷᠵᠢᠨ ᠬᠣᠢᠨ᠎ᠠ ᠠᠴᠠ ᠨᠢ ᠬᠠᠷᠠᠭᠤᠯᠳᠠᠭᠰᠠᠭᠠᠷ ᠨᠢᠳᠦ ᠴᠢᠨᠢ ᠰᠦᠮᠡᠢᠵᠦ᠂ ᠭᠠᠷ ᠴᠢᠨᠢ ᠬᠦᠴᠦ ᠲᠠᠮᠢᠷ ᠦᠭᠡᠢ ᠪᠣᠯᠣᠨ᠎ᠠ᠃ 33 ᠴᠢ ᠭᠠᠵᠠᠷ ᠪᠣᠯᠣᠨ ᠠᠵᠢᠯ ᠬᠥᠳᠡᠯᠮᠦᠷᠢ ᠶᠢᠨ ᠢᠶᠠᠨ ᠦᠷ᠎ᠡ ᠵᠢᠮᠢᠰ ᠢ ᠮᠡᠳᠡᠳᠡᠭ ᠦᠭᠡᠢ ᠪᠠᠢᠭᠰᠠᠨ ᠦᠨᠳᠦᠰᠦᠲᠡᠨ ᠳᠦ ᠢᠳᠡᠭᠦᠯᠵᠦ᠂ ᠡᠳᠦᠷ ᠪᠦᠷᠢ ᠳᠠᠷᠤᠯᠠᠭᠳᠠᠨ ᠨᠤᠬᠤᠯᠠᠭᠳᠠᠭᠰᠠᠭᠠᠷ ᠪᠠᠢᠬᠤ ᠤᠴᠢᠷ 34 ᠬᠣᠵᠢᠮ ᠨᠢ ᠴᠢ ᠦᠵᠡᠵᠦ ᠬᠠᠷᠠᠭᠰᠠᠨ ᠪᠦᠬᠦᠨ ᠡᠴᠡ ᠪᠡᠨ ᠪᠣᠯᠣᠭᠠᠳ ᠰᠣᠯᠢᠶᠠᠷᠠᠨ᠎ᠠ᠃ 35 ᠶᠣᠬᠣᠸᠠ ᠴᠢᠨᠦ ᠡᠪᠦᠳᠦᠭ᠂ ᠭᠤᠶ᠎ᠠ ᠶᠢ ᠡᠳᠡᠭᠡᠰᠢ ᠦᠭᠡᠢ ᠮᠠᠭᠤ ᠬᠠᠲᠠᠭᠢ ᠪᠠᠷ ᠴᠣᠬᠢᠵᠤ᠂ ᠬᠥᠯ ᠦᠨ ᠴᠢᠨᠢ ᠤᠯᠠ ᠠᠴᠠ ᠲᠣᠯᠣᠭᠠᠢ ᠶᠢᠨ ᠴᠢᠨᠢ ᠣᠷᠣᠢ ᠳᠤ ᠬᠦᠷᠲᠡᠯ᠎ᠡ ᠲᠠᠷᠬᠠᠭᠠᠬᠤ ᠪᠣᠯᠣᠨ᠎ᠠ᠃ 36 ᠶᠣᠬᠣᠸᠠ ᠴᠢᠮᠠᠶᠢ ᠪᠣᠯᠣᠨ ᠴᠢᠨᠦ ᠳᠡᠭᠡᠷ᠎ᠡ ᠪᠡᠨ ᠵᠠᠯᠠᠬᠤ ᠬᠠᠭᠠᠨ ᠢ ᠴᠢ ᠪᠣᠯᠣᠨ ᠴᠢᠨᠦ ᠡᠴᠢᠭᠡ ᠡᠪᠦᠭᠡᠳ ᠦᠨ ᠮᠡᠳᠡᠳᠡᠭ ᠦᠭᠡᠢ ᠪᠠᠢᠭᠰᠠᠨ ᠤᠯᠤᠰ ᠭᠦᠷᠦᠨ ᠤᠷᠤᠭᠤ ᠬᠥᠭᠡᠭᠡᠨ᠎ᠡ᠃ ᠴᠢ ᠲᠡᠨᠳᠡ ᠮᠣᠳᠣ᠂ ᠴᠢᠯᠠᠭᠤ ᠪᠠᠷ ᠬᠢᠭᠰᠡᠨ ᠥᠭᠡᠷ᠎ᠡ ᠪᠤᠷᠬᠠᠳ ᠲᠤ ᠵᠠᠷᠤᠭᠳᠠᠨ᠎ᠠ᠃ 37 ᠶᠣᠬᠣᠸᠠ ᠶᠢᠨ ᠴᠢᠮᠠᠶᠢ ᠬᠥᠭᠡᠭᠡᠨ ᠠᠪᠠᠴᠢᠬᠤ ᠠᠯᠢᠪᠠ ᠦᠨᠳᠦᠰᠦᠲᠡᠨ ᠦ ᠳᠤᠮᠳᠠ ᠴᠢ ᠴᠣᠴᠢᠷᠳᠠᠭᠤᠯᠤᠯ᠂ ᠠᠮᠠᠨ ᠤ ᠵᠤᠭ᠎ᠠ᠂ ᠡᠯᠡᠭ ᠳᠣᠭᠣᠭᠢ ᠪᠣᠯᠣᠨ᠎ᠠ᠃

38 ᠴᠢ ᠲᠠᠯᠠᠪᠠᠢ ᠳᠠᠭᠠᠨ ᠦᠷ᠎ᠡ ᠠᠷᠪᠢᠨ ᠲᠠᠷᠢᠭᠰᠠᠨ ᠴᠤ ᠲᠡᠭᠦᠨ ᠢ ᠨᠢ ᠴᠠᠷᠴᠠᠬᠠᠢ ᠢᠳᠡᠬᠦ ᠤᠴᠢᠷ ᠠᠴᠠ ᠴᠥᠭᠡᠨ ᠬᠤᠷᠢᠶᠠᠨ᠎ᠠ᠂ 39 ᠦᠵᠦᠮ ᠦᠨ ᠬᠦᠷᠢᠶᠡᠯᠡᠩ ᠪᠠᠢᠭᠤᠯᠵᠤ᠂ ᠠᠷᠠᠴᠢᠯᠠᠭᠰᠠᠨ ᠴᠤ᠂ ᠲᠡᠭᠦᠨ ᠢ ᠨᠢ ᠥᠲᠥ ᠢᠳᠡᠬᠦ ᠤᠴᠢᠷ ᠠᠴᠠ ᠦᠵᠦᠮ ᠦᠨ ᠳᠠᠷᠠᠰᠤ ᠣᠯᠵᠤ ᠤᠤᠭᠤᠬᠤ ᠦᠭᠡᠢ᠂ ᠦᠵᠦᠮ ᠴᠤ ᠬᠤᠷᠢᠶᠠᠬᠤ ᠦᠭᠡᠢ᠂ 40 ᠴᠢᠨᠦ ᠪᠦᠬᠦ ᠨᠤᠲᠤᠭ ᠳᠡᠭᠡᠷ᠎ᠡ ᠴᠢᠳᠦᠨ ᠵᠢᠮᠢᠰ ᠤᠨ ᠮᠣᠳᠣ ᠪᠠᠢᠭᠰᠠᠨ ᠴᠤ ᠵᠢᠮᠢᠰ ᠨᠢ ᠤᠨᠠᠬᠤ ᠤᠴᠢᠷ ᠠᠴᠠ ᠲᠣᠰᠣ ᠪᠠᠷ ᠨᠢ ᠪᠡᠶ᠎ᠡ ᠪᠡᠨ ᠲᠣᠰᠣᠯᠠᠵᠤ ᠴᠢᠳᠠᠬᠤ ᠦᠭᠡᠢ᠂ 41 ᠬᠥᠪᠡᠭᠦᠳ ᠥᠬᠢᠳ ᠲᠥᠷᠥᠭᠦᠯᠦᠭᠰᠡᠨ ᠴᠤ ᠣᠯᠵᠠᠯᠠᠭᠤᠯᠬᠤ ᠤᠴᠢᠷ ᠠᠴᠠ ᠥᠪᠡᠷ ᠲᠡᠭᠡᠨ ᠪᠠᠢᠯᠭᠠᠵᠤ ᠴᠢᠳᠠᠬᠤ ᠦᠭᠡᠢ᠃ 42 ᠴᠢᠨᠦ ᠪᠦᠬᠦ ᠮᠣᠳᠣ᠂ ᠭᠠᠵᠠᠷ ᠤᠨ ᠴᠢᠨᠢ ᠤᠷᠭᠤᠴᠠ ᠶᠢ ᠳᠡᠪᠬᠡᠷᠭᠡ ᠨᠦᠭᠦᠳ ᠡᠵᠡᠮᠰᠢᠨ᠎ᠡ᠃ 43 ᠲᠠ ᠨᠠᠷ ᠤᠨ ᠳᠤᠮᠳᠠ ᠪᠠᠢᠭ᠎ᠠ ᠬᠠᠷᠢ ᠶᠢᠨ ᠬᠥᠮᠦᠨ ᠤᠯᠠᠮ ᠤᠯᠠᠮ ᠢᠶᠠᠷ ᠴᠢᠮ᠎ᠠ ᠠᠴᠠ ᠳᠡᠪᠰᠢᠨ᠂ ᠴᠢ ᠤᠯᠠᠮ ᠤᠯᠠᠮ ᠢᠶᠠᠷ ᠪᠠᠭᠤᠷᠠᠨ᠎ᠠ᠃ 44 ᠲᠡᠷᠡ ᠴᠢᠮ᠎ᠠ ᠳᠤ ᠵᠢᠭᠡᠯᠡᠭᠦᠯᠵᠦ᠂ ᠴᠢ ᠲᠡᠭᠦᠨ ᠡᠴᠡ ᠵᠢᠭᠡᠯᠡᠨ᠎ᠡ᠃ ᠲᠡᠷᠡ ᠲᠣᠯᠣᠭᠠᠢ ᠪᠣᠯᠵᠤ᠂ ᠴᠢ ᠰᠡᠭᠦᠯ ᠪᠣᠯᠣᠨ᠎ᠠ᠃

45 ᠴᠢ ᠶᠣᠬᠣᠸᠠ ᠪᠤᠷᠬᠠᠨ ᠤ ᠪᠠᠨ ᠳᠠᠭᠤ ᠬᠣᠭᠣᠯᠠᠢ ᠶᠢ ᠦᠯᠦ ᠣᠢᠰᠢᠶᠠᠨ᠂ ᠴᠢᠮ᠎ᠠ ᠳᠤ ᠥᠭᠭᠥᠭᠰᠡᠨ ᠲᠡᠭᠦᠨ ᠦ ᠲᠤᠰᠢᠶᠠᠯ ᠲᠣᠭᠲᠠᠭᠠᠯ ᠤᠳ ᠢ ᠪᠡᠶᠡᠯᠡᠭᠦᠯᠦᠭᠡ ᠦᠭᠡᠢ ᠤᠴᠢᠷ ᠠᠴᠠ ᠴᠢᠮᠠᠶᠢ ᠤᠰᠠᠳᠬᠤ ᠪᠣᠯᠲᠠᠯ᠎ᠠ ᠡᠨᠡ ᠪᠦᠬᠦ ᠬᠠᠷᠢᠶᠠᠯ ᠴᠢᠮ᠎ᠠ ᠳᠡᠭᠡᠷ᠎ᠡ ᠪᠠᠭᠤᠭᠰᠠᠭᠠᠷ ᠪᠠᠢᠵᠤ᠂ ᠴᠢᠮᠠᠶᠢ ᠮᠥᠰᠬᠢᠨ ᠭᠦᠢᠴᠡᠬᠦ ᠪᠣᠯᠣᠨ᠎ᠠ᠃ 46 ᠲᠡᠷᠡ ᠪᠦᠬᠦ ᠬᠠᠷᠢᠶᠠᠯ ᠴᠢᠮ᠎ᠠ ᠳᠤ ᠪᠣᠯᠣᠨ ᠴᠢᠨᠦ ᠦᠷ᠎ᠡ ᠤᠳᠤᠮ ᠳᠤ ᠡᠭᠦᠷᠢᠳᠡ ᠶᠢᠨ ᠲᠡᠮᠳᠡᠭ ᠪᠣᠯᠣᠨ ᠰᠡᠷᠡᠮᠵᠢᠯᠡᠭᠦᠯᠭᠡ ᠪᠣᠯᠣᠨ᠎ᠠ᠃

47 ᠴᠢ ᠠᠯᠢᠪᠠ ᠪᠦᠬᠦᠨ ᠢᠶᠡᠷ ᠡᠯᠪᠡᠭ ᠳᠡᠯᠪᠡᠭ ᠪᠠᠢᠬᠤ ᠳᠠᠭᠠᠨ ᠶᠣᠬᠣᠸᠠ ᠪᠤᠷᠬᠠᠨ ᠳᠠᠭᠠᠨ ᠪᠠᠶᠠᠷ ᠲᠠᠢ ᠪᠠᠷ᠂ ᠳᠤᠷ᠎ᠠ ᠲᠠᠢ ᠪᠠᠷ ᠵᠠᠷᠤᠭᠳᠠᠭ᠎ᠠ ᠦᠭᠡᠢ ᠤᠴᠢᠷ ᠠᠴᠠ 48 ᠥᠯᠥᠰᠴᠦ ᠴᠠᠩ᠋ᠭᠠᠨ ᠨᠣᠣᠷᠬᠠᠢ ᠬᠤᠪᠴᠠᠰᠤᠯᠠᠵᠤ᠂ ᠠᠯᠢᠪᠠ ᠪᠦᠬᠦᠨ ᠢᠶᠡᠷ ᠳᠤᠲᠠᠭᠳᠠᠭᠰᠠᠨ ᠪᠠᠢᠳᠠᠯ ᠳᠠᠭᠠᠨ ᠶᠣᠬᠣᠸᠠ ᠶᠢᠨ ᠥᠪᠡᠷ ᠲᠦ ᠴᠢᠨᠢ ᠢᠯᠡᠭᠡᠬᠦ ᠳᠠᠢᠰᠤᠨ ᠨᠤᠭᠤᠳ ᠲᠤ ᠵᠠᠷᠤᠭᠳᠠᠬᠤ ᠪᠣᠯᠣᠨ᠎ᠠ᠃ ᠲᠡᠷᠡ ᠴᠢᠮᠠᠶᠢ ᠤᠰᠠᠳᠬᠠᠬᠤ ᠬᠦᠷᠲᠡᠯ᠎ᠡ ᠬᠦᠵᠦᠭᠦᠨ ᠳᠦ ᠴᠢᠨᠢ ᠲᠡᠮᠦᠷ ᠳᠥᠩᠭᠡ ᠤᠭᠯᠠᠬᠤ ᠪᠣᠯᠣᠨ᠎ᠠ᠃ 49 ᠶᠣᠬᠣᠸᠠ ᠠᠯᠤᠰ ᠠᠴᠠ᠂ ᠭᠠᠵᠠᠷ ᠳᠡᠯᠡᠬᠡᠢ ᠶᠢᠨ ᠬᠢᠵᠠᠭᠠᠷ ᠠᠴᠠ ᠨᠢᠭᠡ ᠦᠨᠳᠦᠰᠦᠲᠡᠨ ᠢ ᠴᠢᠮ᠎ᠠ ᠤᠷᠤᠭᠤ ᠪᠦᠷᠭᠦᠳ ᠦᠨ ᠰᠢᠭᠦᠷᠡᠯᠲᠡ ᠮᠡᠲᠦ ᠳᠣᠪᠲᠣᠯᠣᠭᠤᠯᠤᠨ᠎ᠠ᠃ ᠲᠡᠷᠡ ᠦᠨᠳᠦᠰᠦᠲᠡᠨ ᠴᠢᠨᠦ ᠣᠢᠯᠠᠭᠠᠬᠤ ᠦᠭᠡᠢ ᠬᠡᠯᠡ ᠲᠠᠢ᠂ 50 ᠬᠦᠢᠲᠡᠨ ᠴᠢᠷᠠᠢ ᠲᠠᠢ ᠪᠥᠭᠡᠳ ᠨᠠᠰᠤᠲᠠᠨ ᠢ ᠦᠯᠦ ᠥᠷᠥᠰᠢᠶᠡᠵᠦ᠂ ᠬᠡᠦᠬᠡᠳ ᠢ ᠦᠯᠦ ᠥᠷᠥ ᠡᠪᠡᠳᠦᠨ᠎ᠡ᠃ 51 ᠲᠡᠳᠡ ᠴᠢᠮᠠᠶᠢ ᠤᠰᠠᠳᠬᠤ ᠬᠦᠷᠲᠡᠯ᠎ᠡ ᠮᠠᠯ ᠤᠨ ᠴᠢᠨᠢ ᠦᠷ᠎ᠡ ᠲᠥᠯ᠂ ᠭᠠᠵᠠᠷ ᠤᠨ ᠴᠢᠨᠢ ᠦᠷ᠎ᠡ ᠵᠢᠮᠢᠰ ᠢ ᠢᠳᠡᠬᠦ ᠪᠣᠯᠣᠨ᠎ᠠ᠂ ᠴᠢᠮᠠᠶᠢ ᠮᠥᠬᠥᠬᠦ ᠬᠦᠷᠲᠡᠯ᠎ᠡ ᠲᠠᠷᠢᠶ᠎ᠠ ᠪᠤᠳᠠᠭ᠎ᠠ᠂ ᠰᠢᠨ᠎ᠡ ᠦᠵᠦᠮ ᠦᠨ ᠳᠠᠷᠠᠰᠤ᠂ ᠲᠣᠰᠣ᠂ ᠦᠬᠡᠷ ᠬᠣᠨᠢᠨ ᠤ ᠴᠢᠨᠢ ᠲᠥᠯ ᠢ ᠴᠢᠮ᠎ᠠ ᠳᠤ ᠦᠯᠡᠳᠡᠭᠡᠬᠦ ᠦᠭᠡᠢ᠃ 52 ᠲᠡᠳᠡ ᠴᠢᠨᠦ ᠭᠠᠵᠠᠷ ᠳᠠᠶᠠᠭᠠᠷ ᠤᠨ ᠪᠦᠬᠦ ᠬᠣᠲᠠ ᠶᠢ ᠪᠦᠰᠡᠯᠡᠨ᠎ᠡ᠃ ᠲᠡᠳᠡ ᠴᠢᠨᠦ ᠨᠠᠢᠳᠠᠵᠤ ᠪᠤᠢ ᠥᠨᠳᠥᠷ᠂ ᠪᠠᠲᠤ ᠪᠡᠬᠢ ᠬᠠᠨ᠎ᠠ ᠬᠡᠷᠡᠮ ᠤᠳ ᠨᠤᠷᠠᠬᠤ ᠬᠦᠷᠲᠡᠯ᠎ᠡ᠂ ᠴᠢᠨᠦ ᠪᠤᠷᠬᠠᠨ ᠶᠣᠬᠣᠸᠠ ᠶᠢᠨ ᠴᠢᠮ᠎ᠠ ᠳᠤ ᠥᠭᠬᠦ ᠭᠠᠵᠠᠷ ᠳᠠᠶᠠᠭᠠᠷ ᠤᠨ ᠪᠦᠬᠦ ᠬᠣᠲᠠ ᠶᠢ ᠴᠢᠨᠢ ᠪᠦᠰᠡᠯᠡᠬᠦ ᠪᠣᠯᠣᠨ᠎ᠠ᠃ 53 ᠴᠢ ᠳᠠᠢᠰᠤᠨ ᠨᠤᠭᠤᠳ ᠲᠠᠭᠠᠨ ᠪᠦᠰᠡᠯᠡᠭᠳᠡᠵᠦ ᠭᠠᠴᠢᠭᠳᠠᠪᠠᠯ᠂ ᠭᠠᠴᠢᠭᠳᠠᠯ ᠳᠠᠭᠠᠨ ᠬᠡᠪᠡᠯᠢ ᠶᠢᠨ ᠢᠶᠠᠨ ᠦᠷ᠎ᠡ ᠬᠡᠦᠬᠡᠳ᠂ ᠶᠣᠬᠣᠸᠠ ᠪᠤᠷᠬᠠᠨ ᠤ ᠪᠠᠨ ᠥᠪᠡᠷ ᠲᠦ ᠴᠢᠨᠢ ᠬᠠᠢᠷᠠᠯᠠᠭᠰᠠᠨ ᠬᠦᠦ ᠥᠬᠢᠨ ᠤ ᠪᠠᠨ ᠮᠢᠬ᠎ᠠ ᠶᠢ ᠢᠳᠡᠨ᠎ᠡ᠃ 54 ᠲᠠ ᠨᠠᠷ ᠤᠨ ᠳᠤᠮᠳᠠᠬᠢ ᠮᠠᠰᠢ ᠡᠶᠡᠯᠳᠡᠭ ᠵᠥᠭᠡᠯᠡᠨ ᠡᠷ᠎ᠡ ᠬᠦᠷᠲᠡᠯ᠎ᠡ ᠥᠪᠡᠷ ᠦᠨ ᠢᠶᠠᠨ ᠠᠬ᠎ᠠ ᠳᠡᠭᠦᠦ᠂ ᠡᠪᠦᠷ ᠦᠨ ᠢᠶᠠᠨ ᠡᠬᠡᠨᠡᠷ᠂ ᠠᠮᠢᠳᠤ ᠦᠯᠡᠳᠡᠭᠰᠡᠨ ᠬᠡᠦᠬᠡᠳ ᠤᠳ ᠢᠶᠠᠨ ᠮᠠᠭᠤᠬᠠᠢ ᠬᠠᠷᠠᠵᠤ᠂ 55 ᠥᠪᠡᠷ ᠦᠨ ᠢᠶᠠᠨ ᠢᠳᠡᠵᠦ ᠪᠤᠢ ᠬᠡᠦᠬᠡᠳ ᠦᠨ ᠢᠶᠠᠨ ᠮᠢᠬᠠᠨ ᠠᠴᠠ ᠬᠡᠨ ᠳᠦᠨᠢ ᠴᠤ ᠥᠭᠬᠦ ᠦᠭᠡᠢ ᠪᠠᠢᠬᠤ ᠪᠣᠯᠣᠨ᠎ᠠ᠃ ᠤᠴᠢᠷ ᠨᠢ ᠲᠠ ᠨᠠᠷ ᠤᠨ ᠳᠠᠢᠰᠤᠨ ᠨᠤᠭᠤᠳ ᠪᠦᠬᠦ ᠬᠣᠲᠠ ᠶᠢ ᠴᠢᠨᠢ ᠪᠦᠰᠡᠯᠡᠨ᠂ ᠲᠠ ᠨᠠᠷ ᠢ ᠭᠠᠴᠢᠭᠳᠠᠯ ᠳᠤ ᠣᠷᠣᠭᠤᠯᠤᠭᠰᠠᠨ ᠢᠶᠠᠷ ᠲᠡᠷᠡ ᠬᠥᠮᠦᠨ ᠳᠦ ᠶᠠᠭᠤ ᠴᠤ ᠦᠯᠡᠳᠡᠭᠰᠡᠨ ᠦᠭᠡᠢ᠃ 56 ᠮᠥᠨ ᠲᠠ ᠨᠠᠷ ᠤᠨ ᠳᠤᠮᠳᠠ ᠡᠶᠡᠯᠳᠡᠭ ᠵᠥᠭᠡᠯᠡᠨ ᠪᠦᠰᠡᠭᠦᠢ᠂ ᠰᠢᠷᠣᠢ ᠳᠡᠭᠡᠷ᠎ᠡ ᠬᠥᠯ ᠨᠢᠴᠦᠭᠦᠨ ᠭᠢᠰᠬᠢᠵᠦ ᠦᠵᠡᠭᠡ ᠦᠭᠡᠢ ᠲᠡᠢᠮᠦ ᠡᠶᠡᠯᠳᠡᠭ ᠵᠥᠭᠡᠯᠡᠨ ᠪᠦᠰᠡᠭᠦᠢ ᠬᠦᠷᠲᠡᠯ᠎ᠡ ᠡᠪᠦᠷ ᠦᠨ ᠢᠶᠠᠨ ᠨᠥᠬᠥᠷ᠂ ᠬᠦᠦ ᠥᠬᠢᠨ ᠢᠶᠠᠨ ᠮᠠᠭᠤᠬᠠᠢ ᠬᠠᠷᠠᠵᠤ᠂ 57 ᠥᠪᠡᠷ ᠦᠨ ᠢᠶᠠᠨ ᠬᠥᠯ ᠦᠨ ᠬᠣᠭᠣᠷᠣᠨᠳᠣ ᠠᠴᠠ ᠭᠠᠷᠤᠭᠰᠠᠨ ᠢᠬᠡᠰ ᠬᠢᠭᠡᠳ ᠥᠪᠡᠷ ᠦᠨ ᠢᠶᠠᠨ ᠲᠥᠷᠥᠭᠦᠯᠦᠭᠰᠡᠨ ᠬᠡᠦᠬᠡᠳ ᠢᠶᠡᠨ ᠨᠢᠭᠤᠴᠠ ᠪᠠᠷ ᠢᠳᠡᠨ᠎ᠡ᠃ ᠤᠴᠢᠷ ᠨᠢ ᠳᠠᠢᠰᠤᠨ ᠨᠤᠭᠤᠳ ᠴᠢᠨᠢ ᠴᠢᠮᠠᠶᠢ ᠪᠦᠰᠡᠯᠡᠵᠦ᠂ ᠭᠠᠴᠢᠭᠳᠠᠯ ᠳᠤ ᠣᠷᠣᠭᠤᠯᠤᠭᠰᠠᠨ ᠢᠶᠠᠷ ᠶᠠᠭᠤ ᠴᠤ ᠣᠯᠳᠠᠬᠤ ᠦᠭᠡᠢ ᠪᠣᠯᠣᠭᠰᠠᠨ ᠶᠤᠮ᠃

58 ᠬᠡᠷᠪᠡ ᠴᠢ ᠡᠨᠡ ᠨᠣᠮ ᠳᠤ ᠪᠢᠴᠢᠭᠳᠡᠭᠰᠡᠨ ᠬᠠᠤᠯᠢ ᠶᠢᠨ ᠪᠦᠬᠦ ᠦᠭᠡ ᠶᠢ ᠰᠠᠬᠢᠨ ᠪᠡᠶᠡᠯᠡᠭᠦᠯᠬᠦ ᠦᠭᠡᠢ᠂ ᠶᠣᠬᠣᠸᠠ ᠪᠤᠷᠬᠠᠨ ᠤ ᠪᠠᠨ ᠡᠨᠡ ᠵᠢᠪᠬᠤᠯᠠᠩ ᠲᠠᠢ ᠰᠦᠷᠳᠡᠮᠡᠷ ᠨᠡᠷ᠎ᠡ ᠡᠴᠡ ᠠᠶᠤᠨ ᠡᠮᠢᠶᠡᠬᠦ ᠦᠭᠡᠢ ᠪᠠᠢᠪᠠᠯ᠂ 59 ᠶᠣᠬᠣᠸᠠ ᠴᠢ ᠪᠣᠯᠣᠨ ᠴᠢᠨᠦ ᠦᠷ᠎ᠡ ᠤᠳᠤᠮ ᠢ ᠤᠷᠲᠤ ᠤᠳᠠᠭᠠᠨ ᠭᠠᠮᠰᠢᠭ᠂ ᠬᠣᠣᠷᠲᠤ ᠤᠵᠢᠭ ᠡᠪᠡᠳᠴᠢᠨ ᠢᠶᠠᠷ ᠴᠣᠴᠢᠷᠳᠠᠭᠤᠯᠬᠤ ᠪᠥᠭᠡᠳ 60 ᠴᠢᠨᠦ ᠠᠶᠤᠵᠤ ᠪᠠᠢᠭᠰᠠᠨ ᠶᠧᠵᠢᠫᠲ ᠤᠨ ᠠᠯᠢᠪᠠ ᠡᠪᠡᠳᠴᠢᠨ ᠢ ᠴᠢᠮ᠎ᠠ ᠳᠡᠭᠡᠷ᠎ᠡ ᠪᠤᠴᠠᠭᠠᠨ ᠠᠪᠴᠢᠷᠠᠵᠤ᠂ ᠴᠢᠮ᠎ᠠ ᠠᠴᠠ ᠰᠠᠯᠭᠠᠬᠤ ᠦᠭᠡᠢ᠃ 61 ᠶᠣᠬᠣᠸᠠ ᠡᠨᠡ ᠬᠦ ᠬᠠᠤᠯᠢ ᠶᠢᠨ ᠨᠣᠮ ᠳᠤ ᠪᠢᠴᠢᠭᠳᠡᠭᠡ ᠦᠭᠡᠢ ᠠᠯᠢᠪᠠ ᠡᠪᠡᠳᠴᠢᠨ᠂ ᠠᠯᠢᠪᠠ ᠭᠠᠮᠰᠢᠭ ᠢ ᠴᠢᠮᠠᠶᠢ ᠤᠰᠠᠳᠲᠠᠯ᠎ᠠ ᠴᠢᠮ᠎ᠠ ᠳᠡᠭᠡᠷ᠎ᠡ ᠠᠪᠴᠢᠷᠠᠭᠰᠠᠭᠠᠷ ᠪᠠᠢᠬᠤ ᠪᠣᠯᠣᠨ᠎ᠠ᠃ 62 ᠲᠠ ᠨᠠᠷ ᠲᠩᠷᠢ ᠶᠢᠨ ᠣᠳᠣᠳ ᠰᠢᠭ᠋ ᠣᠯᠠᠨ ᠪᠠᠢᠪᠠᠴᠤ᠂ ᠶᠣᠬᠣᠸᠠ ᠪᠤᠷᠬᠠᠨ ᠳᠠᠭᠠᠨ ᠳᠤᠭᠤᠯᠭᠠᠪᠤᠷᠢ ᠦᠭᠡᠢ ᠡᠴᠡ ᠬᠡᠳᠦᠭᠦᠯᠬᠡᠨ ᠢᠶᠡᠨ ᠪᠣᠯᠵᠤ ᠦᠯᠡᠳᠡᠨ᠎ᠡ᠃ 63 ᠶᠣᠬᠣᠸᠠ ᠲᠠ ᠨᠠᠷ ᠲᠤ ᠰᠠᠢᠨ ᠬᠠᠨᠳᠤᠵᠤ ᠲᠠ ᠨᠠᠷ ᠢ ᠥᠨᠢᠷ ᠣᠯᠠᠨ ᠪᠣᠯᠭᠠᠬᠤ ᠳᠠᠭᠠᠨ ᠪᠠᠶᠠᠷᠯᠠᠭᠰᠠᠨ ᠤ ᠠᠳᠠᠯᠢ᠂ ᠲᠠ ᠨᠠᠷ ᠢ ᠰᠦᠢᠷᠡᠭᠦᠯᠦᠨ ᠰᠥᠨᠥᠭᠡᠬᠦ ᠳᠡᠭᠡᠨ ᠪᠠᠶᠠᠷᠯᠠᠬᠤ ᠲᠤᠯᠠ ᠲᠠ ᠨᠠᠷ ᠣᠴᠢᠵᠤ ᠡᠵᠡᠮᠰᠢᠬᠦ ᠲᠡᠷᠡ ᠭᠠᠵᠠᠷ ᠠᠴᠠ ᠪᠠᠨ ᠦᠭᠲᠡᠭᠡᠭᠳᠡᠨ᠎ᠡ᠃ 64 ᠶᠣᠬᠣᠸᠠ ᠴᠢᠮᠠᠶᠢ ᠭᠠᠵᠠᠷ ᠳᠡᠯᠡᠬᠡᠢ ᠶᠢᠨ ᠨᠢᠭᠡ ᠥᠨᠴᠥᠭ ᠡᠴᠡ ᠨᠥᠭᠥᠭᠡ ᠥᠨᠴᠥᠭ ᠬᠦᠷᠲᠡᠯ᠎ᠡ ᠬᠠᠮᠤᠭ ᠦᠨᠳᠦᠰᠦᠲᠡᠨ ᠦ ᠳᠤᠮᠳᠠ ᠲᠠᠷᠬᠠᠭᠠᠬᠤ ᠪᠣᠯᠣᠨ᠎ᠠ᠃ ᠲᠡᠨᠳᠡ ᠴᠢ ᠥᠪᠡᠷ ᠢᠶᠡᠨ ᠴᠤ ᠮᠡᠳᠡᠬᠦ ᠦᠭᠡᠢ᠂ ᠡᠴᠢᠭᠡ ᠡᠪᠦᠭᠡᠳ ᠴᠢᠨᠢ ᠴᠤ ᠮᠡᠳᠡᠬᠦ ᠦᠭᠡᠢ ᠪᠠᠢᠭᠰᠠᠨ ᠥᠭᠡᠷ᠎ᠡ ᠮᠣᠳᠣ᠂ ᠴᠢᠯᠠᠭᠤᠨ ᠪᠤᠷᠬᠠᠳ ᠲᠤ ᠵᠠᠷᠤᠭᠳᠠᠨ᠎ᠠ᠃ 65 ᠴᠢ ᠲᠡᠳᠡᠭᠡᠷ ᠦᠨᠳᠦᠰᠦᠲᠡᠨ ᠦ ᠳᠤᠮᠳᠠ ᠠᠮᠤᠭᠤᠯᠠᠩ ᠢ ᠣᠯᠬᠤ ᠦᠭᠡᠢ᠂ ᠬᠥᠯ ᠢᠶᠡᠨ ᠠᠮᠠᠷᠠᠭᠠᠬᠤ ᠭᠠᠵᠠᠷ ᠴᠤ ᠣᠯᠵᠤ ᠴᠢᠳᠠᠬᠤ ᠦᠭᠡᠢ᠃ ᠬᠠᠷᠢᠨ ᠲᠡᠨᠳᠡ ᠶᠣᠬᠣᠸᠠ ᠵᠢᠷᠦᠬᠡ ᠶᠢ ᠴᠢᠨᠢ ᠴᠡᠴᠡᠷᠡᠭᠦᠯᠵᠦ᠂ ᠨᠢᠳᠦᠨ ᠭᠠᠯ ᠢ ᠴᠢᠨᠢ ᠪᠠᠭᠤᠷᠠᠭᠤᠯᠵᠤ᠂ ᠤᠷᠮ᠎ᠠ ᠶᠢ ᠴᠢᠨᠢ ᠬᠤᠭᠤᠯᠤᠨ᠎ᠠ᠃ 66 ᠠᠮᠢ ᠠᠮᠢᠳᠤᠷᠠᠯ ᠴᠢᠨᠢ ᠳᠡᠭᠡᠰᠦᠨ ᠳᠥᠷᠥᠭᠡᠨ ᠳᠡᠭᠡᠷ᠎ᠡ ᠪᠠᠢᠭᠰᠠᠭᠠᠷ᠂ ᠡᠳᠦᠷ ᠰᠥᠨᠢ ᠦᠭᠡᠢ ᠠᠶᠤᠵᠤ᠂ ᠠᠮᠢᠳᠤ ᠦᠯᠡᠳᠡᠬᠦ ᠳᠡᠭᠡᠨ ᠢᠲᠡᠭᠡᠯ ᠦᠭᠡᠢ ᠪᠠᠢᠬᠤ ᠪᠣᠯᠣᠨ᠎ᠠ᠃ 67 ᠵᠢᠷᠦᠬᠡᠨ ᠦ ᠪᠠᠨ ᠠᠢᠳᠠᠰ ᠪᠣᠯᠣᠨ ᠨᠢᠳᠦ ᠪᠡᠷ ᠢᠶᠠᠨ ᠬᠠᠷᠠᠭᠰᠠᠨ ᠵᠦᠢᠯ ᠤᠨ ᠢᠶᠠᠨ ᠤᠯᠠᠮ ᠢᠶᠠᠷ ᠴᠢ ᠥᠷᠯᠥᠭᠡ ᠨᠢ 〈ᠣᠷᠣᠢ ᠪᠣᠯᠣᠭᠠᠰᠠᠢ〉᠂ ᠣᠷᠣᠢ ᠨᠢ 〈ᠥᠷᠯᠥᠭᠡ ᠪᠣᠯᠣᠭᠠᠰᠠᠢ〉 ᠭᠡᠬᠦ ᠪᠣᠯᠣᠨ᠎ᠠ᠃ 68 〈ᠡᠨᠡ ᠵᠠᠮ ᠢ ᠲᠠ ᠨᠠᠷ ᠳᠠᠬᠢᠨ ᠦᠵᠡᠬᠦ ᠦᠭᠡᠢ〉 ᠭᠡᠵᠦ ᠮᠢᠨᠦ ᠬᠡᠯᠡᠭᠰᠡᠨ ᠨᠥᠭᠥᠭᠡ ᠵᠠᠮ ᠢᠶᠠᠷ ᠶᠣᠬᠣᠸᠠ ᠴᠢᠮᠠᠶᠢ ᠬᠥᠯᠭᠡ ᠣᠩ᠋ᠭᠣᠴᠠ ᠪᠠᠷ ᠶᠧᠵᠢᠫᠲ ᠲᠤ ᠪᠤᠴᠠᠭᠠᠬᠤ ᠪᠥᠭᠡᠳ ᠲᠡᠨᠳᠡ ᠲᠠ ᠨᠠᠷ ᠥᠪᠡᠷᠰᠡᠳ ᠢ ᠪᠠᠨ ᠳᠠᠢᠰᠤᠨ ᠨᠤᠭᠤᠳ ᠲᠠᠭᠠᠨ ᠪᠣᠭᠣᠯ ᠰᠢᠪᠡᠭᠴᠢᠳ ᠪᠣᠯᠭᠠᠨ ᠬᠤᠳᠠᠯᠳᠤᠬᠤ ᠭᠡᠰᠡᠨ ᠴᠤ ᠲᠠ ᠨᠠᠷ ᠢ ᠠᠪᠬᠤ ᠬᠥᠮᠦᠨ ᠠᠯᠠᠭ᠎ᠠ ᠪᠠᠢᠬᠤ ᠪᠣᠯᠣᠨ᠎ᠠ》 ᠭᠡᠪᠡ᠃