ᠳᠡᠳ᠋ ᠬᠠᠤᠯᠢ ᠠᠷᠪᠠᠨ ᠭᠤᠷᠪᠠ
ᠬᠠᠭᠤᠷᠮᠠᠭ ᠡᠰᠢ ᠦᠵᠡᠭᠦᠯᠦᠭᠴᠢ
1 ᠡᠰᠢ ᠦᠵᠡᠭᠦᠯᠦᠭᠴᠢ ᠪᠤᠶᠤ ᠵᠡᠭᠦᠳᠦᠨ ᠦ ᠮᠡᠷᠭᠡᠴᠢ ᠲᠠ ᠨᠠᠷ ᠤᠨ ᠳᠤᠮᠳᠠ ᠠᠴᠠ ᠭᠠᠷᠴᠤ᠂ ᠴᠢᠮ᠎ᠠ ᠳᠤ ᠲᠡᠮᠳᠡᠭ᠂ ᠭᠠᠢᠬᠠᠮᠰᠢᠭ ᠢ ᠶᠠᠷᠢᠵᠤ᠂ 2 ᠴᠢᠮ᠎ᠠ ᠳᠤ ᠬᠡᠯᠡᠭᠰᠡᠨ ᠲᠡᠷᠡ ᠬᠦ ᠲᠡᠮᠳᠡᠭ᠂ ᠭᠠᠢᠬᠠᠮᠰᠢᠭ ᠨᠢ ᠪᠡᠶᠡᠯᠡᠭᠰᠡᠨ ᠴᠤ᠂ ᠴᠢᠨᠦ ᠮᠡᠳᠡᠳᠡᠭ ᠦᠭᠡᠢ ᠥᠭᠡᠷ᠎ᠡ ᠪᠤᠷᠬᠠᠳ ᠢ ᠳᠠᠭᠠᠵᠤ ᠲᠡᠳᠡᠨ ᠳᠦ ᠮᠥᠷᠭᠥᠵᠡᠭᠡᠶ᠎ᠡ ᠭᠡᠪᠡᠯ᠂ 3 ᠴᠢ ᠲᠡᠷᠡ ᠡᠰᠢ ᠦᠵᠡᠭᠦᠯᠦᠭᠴᠢ ᠪᠤᠶᠤ ᠵᠡᠭᠦᠳᠦᠨ ᠦ ᠮᠡᠷᠭᠡᠴᠢ ᠶᠢᠨ ᠦᠭᠡ ᠶᠢ ᠪᠦᠦ ᠠᠩ᠋ᠬᠠᠷ᠃ ᠤᠴᠢᠷ ᠨᠢ ᠲᠠᠨ ᠤ ᠪᠤᠷᠬᠠᠨ ᠶᠣᠬᠣᠸᠠ ᠲᠠ ᠨᠠᠷ ᠢ ᠰᠢᠯᠭᠠᠵᠤ ᠲᠠᠨ ᠤ ᠪᠦᠬᠦ ᠵᠢᠷᠦᠬᠡ᠂ ᠪᠦᠬᠦ ᠰᠡᠳᠬᠢᠯ ᠢᠶᠠᠷ ᠢᠶᠠᠨ ᠶᠣᠬᠣᠸᠠ ᠪᠤᠷᠬᠠᠨ ᠳᠠᠭᠠᠨ ᠬᠠᠢᠷᠠᠲᠠᠢ ᠡᠰᠡᠬᠦ ᠶᠢ ᠮᠡᠳᠡᠬᠦ ᠭᠡᠵᠦ ᠪᠠᠢᠭ᠎ᠠ ᠶᠤᠮ᠃ 4 ᠲᠠ ᠨᠠᠷ ᠶᠣᠬᠣᠸᠠ ᠪᠤᠷᠬᠠᠨ ᠢᠶᠠᠨ ᠯᠠ ᠳᠠᠭᠠᠵᠤ ᠲᠡᠭᠦᠨ ᠡᠴᠡ ᠯᠠ ᠡᠮᠢᠶᠡᠬᠦ ᠶᠣᠰᠣᠲᠠᠢ᠂ ᠲᠡᠭᠦᠨ ᠦ ᠲᠤᠰᠢᠶᠠᠯ ᠢ ᠮᠥᠷᠳᠡᠵᠦ᠂ ᠲᠡᠭᠦᠨ ᠦ ᠳᠠᠭᠤ ᠬᠣᠭᠣᠯᠠᠢ ᠶᠢ ᠰᠣᠨᠣᠰᠣᠨ ᠲᠡᠭᠦᠨ ᠳᠦ ᠦᠢᠯᠡᠴᠢᠯᠡᠵᠦ᠂ ᠲᠡᠭᠦᠨ ᠡᠴᠡ ᠵᠢᠭᠤᠷᠠ᠃ 5 ᠬᠠᠷᠢᠨ ᠲᠡᠷᠡ ᠡᠰᠢ ᠦᠵᠡᠭᠦᠯᠦᠭᠴᠢ ᠪᠤᠶᠤ ᠵᠡᠭᠦᠳᠦᠨ ᠦ ᠮᠡᠷᠭᠡᠴᠢ ᠶᠢ ᠴᠠᠭᠠᠵᠠᠯᠠ᠃ ᠤᠴᠢᠷ ᠨᠢ ᠲᠡᠷᠡ ᠲᠠ ᠨᠠᠷ ᠢ ᠶᠧᠵᠢᠫᠲ ᠡᠴᠡ ᠭᠠᠷᠭᠠᠵᠤ ᠲᠡᠨᠳᠡᠬᠢ ᠶᠢᠨ ᠪᠣᠭᠣᠯᠴᠢᠯᠠᠯ ᠤᠨ ᠭᠡᠷ ᠡᠴᠡ ᠵᠣᠯᠢᠨ ᠠᠪᠤᠭᠰᠠᠨ ᠶᠣᠬᠣᠸᠠ ᠪᠤᠷᠬᠠᠨ ᠠᠴᠠ ᠴᠢᠨᠢ ᠲᠠ ᠨᠠᠷ ᠢ ᠤᠷᠪᠠᠭᠤᠯᠵᠤ᠂ ᠴᠢᠨᠦ ᠪᠤᠷᠬᠠᠨ ᠶᠣᠬᠣᠸᠠ ᠶᠢᠨ ᠴᠢᠮ᠎ᠠ ᠳᠤ 《ᠶᠠᠪᠤ》 ᠭᠡᠵᠦ ᠲᠤᠰᠢᠶᠠᠭᠰᠠᠨ ᠵᠠᠮ ᠠᠴᠠ ᠭᠠᠷᠭᠠᠬᠤ ᠭᠡᠰᠡᠨ ᠶᠤᠮ᠃ ᠲᠠ ᠨᠠᠷ ᠲᠡᠢᠮᠦ ᠮᠠᠭᠤ ᠶᠠᠪᠤᠳᠠᠯ ᠢ ᠳᠤᠮᠳᠠ ᠠᠴᠠ ᠪᠠᠨ ᠲᠠᠰᠤᠯᠬᠤ ᠶᠣᠰᠣᠲᠠᠢ᠃
ᠰᠢᠲᠦᠭᠡᠨ ᠰᠢᠲᠦᠬᠦ ᠶᠢ ᠪᠦᠦ ᠵᠥᠪᠰᠢᠶᠡᠷᠡ
6 ᠬᠡᠷᠪᠡ ᠡᠬᠡ ᠶᠢᠨ ᠴᠢᠨᠢ ᠦᠷ᠎ᠡ ᠪᠣᠯᠬᠤ ᠠᠬ᠎ᠠ ᠳᠡᠭᠦᠦ ᠴᠢᠨᠢ᠂ ᠡᠰᠡᠪᠡᠯ ᠬᠦᠦ ᠥᠬᠢᠨ ᠴᠢᠨᠢ᠂ ᠡᠰᠡᠪᠡᠯ ᠡᠪᠦᠷ ᠳᠠᠬᠢ ᠡᠬᠡᠨᠡᠷ ᠴᠢᠨᠢ᠂ ᠡᠰᠡᠪᠡᠯ ᠠᠮᠢ ᠰᠢᠭ᠋ ᠢᠶᠠᠨ ᠬᠠᠢᠷᠠᠯᠠᠳᠠᠭ ᠳᠣᠲᠣᠨᠣ ᠨᠥᠬᠥᠷ ᠴᠢᠨᠢ ᠴᠢᠮᠠᠶᠢ ᠳᠠᠯᠳᠠᠭᠤᠷ ᠢᠳᠬᠠᠵᠤ᠂ ᠴᠢ ᠴᠤ᠂ ᠲᠠᠨ ᠤ ᠡᠴᠢᠭᠡ ᠡᠪᠦᠭᠡᠳ ᠴᠤ ᠲᠠᠨᠢᠳᠠᠭ ᠦᠭᠡᠢ ᠥᠭᠡᠷ᠎ᠡ ᠪᠤᠷᠬᠠᠳ᠂ 7 ᠲᠤᠬᠠᠢᠯᠠᠪᠠᠯ ᠴᠢᠨᠦ ᠡᠷᠭᠢᠨ ᠲᠣᠭᠣᠷᠢᠨ ᠳᠤ ᠪᠤᠢ ᠦᠨᠳᠦᠰᠦᠲᠡᠨ — ᠴᠢᠮ᠎ᠠ ᠠᠴᠠ ᠣᠢᠷ᠎ᠠ ᠴᠤ ᠪᠠᠢᠭᠰᠠᠨ᠂ ᠬᠣᠯᠠ ᠴᠤ ᠪᠠᠢᠭᠰᠠᠨ — ᠭᠠᠵᠠᠷ ᠤᠨ ᠨᠢᠭᠡ ᠬᠢᠵᠠᠭᠠᠷ ᠠᠴᠠ ᠨᠥᠭᠥᠭᠡ ᠬᠢᠵᠠᠭᠠᠷ ᠤᠨ ᠬᠣᠭᠣᠷᠣᠨᠳᠣᠬᠢ ᠦᠨᠳᠦᠰᠦᠲᠡᠨ ᠦ ᠪᠤᠷᠬᠠᠳ ᠲᠤ ᠮᠥᠷᠭᠥᠵᠡᠭᠡᠶ᠎ᠡ ᠭᠡᠪᠡᠯ᠂ 8 ᠴᠢ ᠲᠡᠭᠦᠨ ᠢ ᠪᠦᠦ ᠵᠥᠪᠰᠢᠶᠡᠷᠡ᠂ ᠲᠡᠭᠦᠨ ᠢ ᠪᠦᠦ ᠬᠠᠢᠬᠤᠷ᠂ ᠴᠢ ᠲᠡᠭᠦᠨ ᠢ ᠪᠦᠦ ᠥᠷᠥ ᠡᠪᠡᠳ᠂ ᠲᠡᠭᠦᠨ ᠢ ᠪᠦᠦ ᠬᠡᠯᠲᠦᠷᠢᠭᠦᠯ᠂ ᠪᠦᠦ ᠬᠠᠯᠬᠠᠯᠠ᠃ 9 ᠬᠠᠷᠢᠨ ᠴᠢ ᠲᠡᠭᠦᠨ ᠢ ᠵᠠᠪᠠᠯ ᠠᠯᠠ᠃ ᠠᠯᠠᠬᠤ ᠳᠠᠭᠠᠨ ᠡᠬᠢᠯᠡᠭᠡᠳ ᠴᠢ ᠲᠡᠭᠦᠨ ᠳᠦ ᠭᠠᠷ ᠬᠦᠷᠴᠦ᠂ ᠳᠠᠷᠠᠭ᠎ᠠ ᠨᠢ ᠠᠷᠠᠳ ᠣᠯᠠᠨ ᠭᠠᠷ ᠬᠦᠷᠬᠦ ᠶᠣᠰᠣᠲᠠᠢ᠃ 10 ᠴᠢᠮᠠᠶᠢ ᠶᠧᠵᠢᠫᠲ ᠨᠤᠲᠤᠭ ᠠᠴᠠ᠂ ᠲᠡᠨᠳᠡᠬᠢ ᠶᠢᠨ ᠪᠣᠭᠣᠯᠴᠢᠯᠠᠯ ᠤᠨ ᠭᠡᠷ ᠡᠴᠡ ᠭᠠᠷᠭᠠᠵᠤ ᠠᠪᠤᠭᠰᠠᠨ ᠴᠢᠨᠦ ᠪᠤᠷᠬᠠᠨ ᠶᠣᠬᠣᠸᠠ ᠠᠴᠠ ᠴᠢᠮᠠᠶᠢ ᠰᠠᠯᠭᠠᠬᠤ ᠭᠡᠰᠡᠨ ᠲᠤᠯᠠ ᠴᠢ ᠲᠡᠭᠦᠨ ᠤᠷᠤᠭᠤ ᠴᠢᠯᠠᠭᠤ ᠰᠢᠳᠡᠵᠦ ᠠᠯᠠ᠃ 11 ᠲᠡᠭᠡᠪᠡᠯ ᠪᠦᠬᠦ ᠢᠰᠷᠧᠯ ᠡᠭᠦᠨ ᠢ ᠰᠣᠨᠣᠰᠣᠭᠠᠳ᠂ ᠠᠶᠤᠵᠤ᠂ ᠳᠠᠬᠢᠨ ᠬᠡᠵᠢᠶ᠎ᠡ ᠴᠤ ᠲᠡᠢᠮᠦ ᠮᠠᠭᠤ ᠮᠠᠭᠤᠬᠠᠢ ᠶᠠᠪᠤᠳᠠᠯ ᠢ ᠬᠢᠬᠦ ᠦᠭᠡᠢ ᠪᠣᠯᠣᠨ᠎ᠠ᠃
12 ᠲᠠᠨ ᠤ ᠪᠤᠷᠬᠠᠨ ᠶᠣᠬᠣᠸᠠ ᠶᠢᠨ ᠰᠠᠭᠤᠯᠭᠠᠭᠰᠠᠨ ᠲᠠᠨ ᠤ ᠨᠢᠭᠡ ᠬᠣᠲᠠ ᠶᠢᠨ ᠲᠤᠬᠠᠢ ᠮᠡᠳᠡᠭᠡ ᠴᠢᠮ᠎ᠠ ᠳᠤ ᠬᠦᠷᠴᠦ᠂ 13 ᠲᠠ ᠨᠠᠷ ᠤᠨ ᠳᠤᠮᠳᠠ ᠠᠴᠠ ᠦᠯᠦ ᠪᠦᠲᠦᠬᠦ ᠬᠥᠮᠦᠰ ᠭᠠᠷᠴᠤ ᠢᠷᠡᠭᠡᠳ ᠲᠠ ᠨᠠᠷ ᠤᠨ ᠲᠠᠨᠢᠳᠠᠭ ᠦᠭᠡᠢ ᠥᠭᠡᠷ᠎ᠡ ᠪᠤᠷᠬᠠᠳ ᠲᠤ ᠮᠥᠷᠭᠥᠵᠡᠭᠡᠶ᠎ᠡ ᠭᠡᠵᠦ ᠬᠣᠲᠠ ᠶᠢᠨ ᠢᠶᠠᠨ ᠰᠠᠭᠤᠭᠠᠯᠢᠴᠢᠳ ᠢ ᠭᠠᠵᠢᠭᠤᠳᠠᠭᠤᠯᠤᠭᠰᠠᠨ ᠢ ᠴᠢ ᠰᠣᠨᠣᠰᠪᠠᠯ᠂ 14 ᠡᠭᠦᠨ ᠢ ᠮᠥᠷᠳᠡᠨ ᠰᠢᠯᠭᠠᠵᠤ ᠭᠦᠢᠴᠡᠳ ᠯᠠᠪᠠᠯᠠ᠂ ᠬᠡᠷᠪᠡ ᠲᠡᠢᠮᠦ ᠵᠢᠭᠰᠢᠭᠦᠷᠢᠲᠦ ᠶᠠᠪᠤᠳᠠᠯ ᠲᠠ ᠨᠠᠷ ᠤᠨ ᠳᠤᠮᠳᠠ ᠲᠣᠬᠢᠶᠠᠯᠳᠤᠭᠰᠠᠨ ᠨᠢ ᠪᠠᠲᠤ ᠦᠨᠡᠨ ᠪᠠᠢᠪᠠᠯ 15 ᠴᠢ ᠲᠡᠷᠡ ᠬᠣᠲᠠ ᠶᠢᠨ ᠰᠠᠭᠤᠭᠠᠯᠢᠴᠢᠳ ᠢ ᠵᠠᠪᠠᠯ ᠢᠯᠳᠦᠨ ᠦ ᠢᠷ ᠢᠶᠠᠷ ᠴᠣᠬᠢᠬᠤ ᠶᠣᠰᠣᠲᠠᠢ᠂ ᠲᠡᠷᠡ ᠬᠣᠲᠠ ᠪᠣᠯᠣᠨ ᠲᠡᠭᠦᠨ ᠦ ᠳᠣᠲᠣᠷᠠᠬᠢ ᠪᠦᠭᠦᠳᠡ ᠶᠢ ᠮᠠᠯ ᠰᠦᠷᠦᠭ ᠲᠡᠢ ᠨᠢ ᠬᠠᠮᠲᠤ ᠢᠯᠳᠦᠨ ᠦ ᠢᠷ ᠢᠶᠠᠷ ᠬᠦᠢᠰᠦ ᠲᠡᠮᠲᠡᠷᠢ᠃ 16 ᠴᠢ ᠪᠠᠰᠠ ᠬᠣᠲᠠ ᠠᠴᠠ ᠣᠯᠣᠭᠰᠠᠨ ᠵᠦᠢᠯᠡᠰ ᠢ ᠲᠥᠪ ᠲᠠᠯᠠᠪᠠᠢ ᠳᠤᠨᠢ ᠴᠤᠭᠯᠠᠭᠤᠯᠤᠭᠠᠳ᠂ ᠲᠡᠷᠡ ᠬᠣᠲᠠ ᠶᠢ ᠣᠯᠣᠭᠰᠠᠨ ᠵᠦᠢᠯᠡᠰ ᠲᠡᠢ ᠪᠡᠨ ᠬᠠᠮᠲᠤ ᠭᠠᠯᠳᠠᠨ ᠶᠣᠬᠣᠸᠠ ᠪᠤᠷᠬᠠᠨ ᠳᠠᠭᠠᠨ ᠵᠣᠷᠢᠭᠤᠯᠤᠭᠰᠠᠨ ᠰᠢᠲᠠᠭᠠᠯᠭᠠᠲᠤ ᠲᠠᠬᠢᠯ ᠪᠣᠯᠭᠠᠨ ᠰᠢᠲᠠᠭ᠎ᠠ᠃ ᠲᠡᠷᠡ ᠬᠣᠲᠠ ᠡᠭᠦᠷᠢᠳᠡ ᠪᠠᠯᠭᠠᠰᠤ ᠪᠣᠯᠵᠤ᠂ ᠳᠠᠬᠢᠨ ᠪᠠᠢᠭᠤᠯᠤᠭᠳᠠᠬᠤ ᠦᠭᠡᠢ ᠪᠣᠯᠣᠨ᠎ᠠ᠃ 17 ᠤᠰᠠᠳᠬᠠᠭᠳᠠᠬᠤ ᠶᠣᠰᠣᠲᠠᠢ ᠨᠥᠭᠥᠭᠡ ᠡᠳ᠋ ᠵᠦᠢᠯᠡᠰ ᠦᠨ ᠶᠠᠭᠤᠨ ᠳᠤᠨᠢ ᠴᠤ ᠪᠦᠦ ᠭᠠᠷ ᠬᠦᠷ᠃ ᠲᠡᠭᠡᠪᠡᠯ ᠶᠣᠬᠣᠸᠠ ᠶᠢᠨ ᠠᠭᠤᠷ ᠬᠢᠯᠢᠩ ᠨᠠᠮᠳᠠᠵᠤ᠂ ᠴᠢᠮᠠᠶᠢ ᠡᠨᠡᠷᠢᠨ ᠥᠷᠥᠪᠳᠥᠵᠦ᠂ ᠴᠢᠨᠦ ᠡᠪᠦᠭᠡ ᠳᠡᠭᠡᠳᠦᠰ ᠲᠦ ᠲᠠᠩ᠋ᠭᠠᠷᠢᠭᠯᠠᠭᠰᠠᠨ ᠶᠣᠰᠣᠭᠠᠷ ᠢᠶᠠᠨ ᠴᠢᠮᠠᠶᠢ ᠥᠨᠢᠷ ᠣᠯᠠᠨ ᠪᠣᠯᠭᠠᠨ᠎ᠠ᠃ 18 ᠡᠭᠦᠨ ᠦ ᠲᠥᠯᠥᠭᠡ ᠴᠢ ᠶᠣᠬᠣᠸᠠ ᠪᠤᠷᠬᠠᠨ ᠤ ᠪᠠᠨ ᠳᠠᠭᠤ ᠬᠣᠭᠣᠯᠠᠢ ᠶᠢ ᠰᠣᠨᠣᠰᠣᠭᠠᠳ᠂ ᠮᠢᠨᠦ ᠥᠨᠥᠳᠥᠷ ᠦᠨ ᠲᠤᠰᠢᠶᠠᠵᠤ ᠪᠤᠢ ᠪᠦᠬᠦ ᠲᠤᠰᠢᠶᠠᠯ ᠢ ᠰᠠᠬᠢᠵᠤ᠂ ᠶᠣᠬᠣᠸᠠ ᠪᠤᠷᠬᠠᠨ ᠤ ᠪᠠᠨ ᠮᠡᠯᠮᠡᠢ ᠳᠦ ᠵᠥᠪ ᠰᠢᠳᠤᠷᠭᠤ ᠶᠢ ᠮᠥᠷᠳᠡᠬᠦ ᠶᠣᠰᠣᠲᠠᠢ᠃