ᠳᠡᠳ᠋ ᠬᠠᠤᠯᠢ ᠨᠠᠢ᠌ᠮᠠ
ᠶᠣᠬᠣᠸᠠ ᠪᠤᠷᠬᠠᠨ ᠢᠶᠠᠨ ᠮᠠᠷᠲᠠᠭᠤᠵᠠᠢ
1 ᠥᠨᠥᠳᠥᠷ ᠦᠨ ᠮᠢᠨᠦ ᠲᠤᠰᠢᠶᠠᠵᠤ ᠪᠤᠢ ᠪᠦᠬᠦ ᠲᠤᠰᠢᠶᠠᠯ ᠢ ᠲᠠ ᠨᠠᠷ ᠰᠠᠬᠢᠵᠤ ᠪᠡᠶᠡᠯᠡᠭᠦᠯ᠃ ᠲᠡᠭᠡᠪᠡᠯ ᠲᠠ ᠨᠠᠷ ᠠᠮᠢᠳᠤ ᠪᠠᠢᠵᠤ ᠥᠨᠢᠷ ᠥᠳᠬᠡᠨ ᠪᠣᠯᠵᠤ᠂ ᠶᠣᠬᠣᠸᠠ ᠶᠢᠨ ᠲᠠᠨ ᠤ ᠡᠴᠢᠭᠡ ᠡᠪᠦᠭᠡᠳ ᠲᠦ ᠲᠠᠩ᠋ᠭᠠᠷᠢᠭᠯᠠᠭᠰᠠᠨ ᠲᠡᠷᠡ ᠭᠠᠵᠠᠷ ᠲᠤ ᠣᠷᠣᠵᠤ᠂ ᠲᠡᠭᠦᠨ ᠢ ᠡᠵᠡᠮᠰᠢᠬᠦ ᠶᠤᠮ᠃ 2 ᠡᠨᠡ ᠳᠥᠴᠢᠨ ᠵᠢᠯ ᠤᠨ ᠲᠤᠷᠰᠢ ᠴᠢᠮᠠᠶᠢ ᠴᠥᠯ ᠢᠶᠡᠷ ᠳᠠᠭᠠᠭᠤᠯᠳᠠᠭ ᠪᠠᠢᠭᠰᠠᠨ ᠶᠣᠬᠣᠸᠠ ᠪᠤᠷᠬᠠᠨ ᠤ ᠪᠠᠨ ᠪᠦᠬᠦᠢᠯᠡ ᠵᠠᠮ ᠮᠥᠷ ᠢ ᠳᠤᠷᠠᠰᠤᠨ ᠰᠠᠨᠠ᠃ ᠡᠢᠨ ᠬᠦ ᠲᠡᠷᠡ ᠴᠢᠮᠠᠶᠢ ᠨᠣᠮᠣᠬᠠᠳᠬᠠᠵᠤ᠂ ᠰᠢᠯᠭᠠᠨ ᠰᠣᠷᠢᠭᠠᠳ ᠴᠢᠨᠦ ᠰᠡᠳᠬᠢᠯ ᠳᠤ ᠶᠠᠭᠤ ᠪᠠᠢᠬᠤ ᠶᠢ᠂ ᠲᠤᠰᠢᠶᠠᠯ ᠢ ᠨᠢ ᠳᠠᠭᠠᠬᠤ ᠡᠰᠡᠬᠦ ᠶᠢ ᠴᠢᠨᠢ ᠮᠡᠳᠡᠬᠦ ᠭᠡᠰᠡᠨ ᠶᠤᠮ᠃ 3 ᠡᠢᠨ ᠬᠦ ᠲᠡᠷᠡ ᠴᠢᠮᠠᠶᠢ ᠨᠣᠮᠣᠬᠠᠳᠬᠠᠨ᠂ ᠥᠯᠥᠰᠭᠡᠵᠦ᠂ ᠴᠢ ᠴᠤ᠂ ᠴᠢᠨᠦ ᠡᠴᠢᠭᠡ ᠡᠪᠦᠭᠡᠳ ᠴᠤ ᠮᠡᠳᠡᠳᠡᠭ ᠦᠭᠡᠢ ᠪᠠᠢᠭᠰᠠᠨ 《ᠮᠠᠨᠨᠠ》 ᠪᠠᠷ ᠴᠢᠮᠠᠶᠢ ᠬᠣᠭᠣᠯᠠᠯᠤᠭᠤᠯᠵᠤ ᠪᠠᠢᠭᠰᠠᠨ ᠨᠢ ᠬᠥᠮᠦᠨ ᠵᠥᠪᠬᠡᠨ ᠪᠣᠣᠪᠣ ᠪᠠᠷ ᠪᠤᠰᠤ᠂ ᠬᠠᠷᠢᠨ ᠶᠣᠬᠣᠸᠠ ᠶᠢᠨ ᠠᠮᠠᠨ ᠠᠴᠠ ᠭᠠᠷᠳᠠᠭ ᠠᠯᠢᠪᠠ ᠦᠭᠡ ᠪᠡᠷ ᠠᠮᠢᠳᠤᠷᠠᠨ᠎ᠠ ᠭᠡᠳᠡᠭ ᠢ ᠴᠢᠮ᠎ᠠ ᠳᠤ ᠣᠢᠯᠠᠭᠠᠭᠤᠯᠬᠤ ᠶᠢᠨ ᠲᠤᠯᠠᠳᠠ ᠪᠠᠢᠭᠰᠠᠨ᠃ 4 ᠡᠨᠡ ᠳᠥᠴᠢᠨ ᠵᠢᠯ ᠤᠨ ᠲᠤᠷᠰᠢ ᠴᠢᠨᠦ ᠡᠮᠦᠰᠦᠭᠰᠡᠨ ᠬᠤᠪᠴᠠᠰᠤ ᠡᠯᠡᠭᠳᠡᠭᠡ ᠦᠭᠡᠢ᠂ ᠴᠢᠨᠦ ᠬᠥᠯ ᠴᠥᠪᠥᠷᠢᠭᠦᠲᠦᠭᠡ ᠦᠭᠡᠢ᠃ 5 ᠡᠴᠢᠭᠡ ᠬᠥᠮᠦᠨ ᠬᠦᠦ ᠪᠡᠨ ᠬᠥᠮᠦᠵᠢᠭᠦᠯᠳᠡᠭ ᠰᠢᠭ ᠶᠣᠬᠣᠸᠠ ᠪᠤᠷᠬᠠᠨ ᠴᠢᠨᠢ ᠴᠢᠮᠠᠶᠢ ᠬᠥᠮᠦᠵᠢᠭᠦᠯᠵᠦ ᠪᠠᠢᠳᠠᠭ ᠢ ᠰᠡᠳᠬᠢᠯ ᠳᠡᠭᠡᠨ ᠲᠤᠩ᠋ᠭᠠᠵᠤ ᠶᠠᠪᠤ᠃ 6 ᠶᠣᠬᠣᠸᠠ ᠪᠤᠷᠬᠠᠨ ᠤ ᠪᠠᠨ ᠲᠤᠰᠢᠶᠠᠯ ᠢ ᠰᠠᠬᠢ᠂ ᠲᠡᠭᠦᠨ ᠦ ᠵᠠᠮ ᠢᠶᠠᠷ ᠶᠠᠪᠤᠵᠤ᠂ ᠲᠡᠭᠦᠨ ᠡᠴᠡ ᠡᠮᠢᠶᠡ᠃ 7 ᠴᠢᠨᠦ ᠪᠤᠷᠬᠠᠨ ᠶᠣᠬᠣᠸᠠ ᠴᠢᠮᠠᠶᠢ ᠰᠠᠢᠬᠠᠨ ᠨᠤᠲᠤᠭ ᠲᠤ ᠠᠪᠠᠴᠢᠵᠤ ᠪᠠᠢᠨ᠎ᠠ᠃ ᠲᠡᠷᠡ ᠨᠤᠲᠤᠭ ᠪᠣᠯ ᠬᠥᠨᠳᠡᠢ ᠲᠣᠯᠣᠭᠠᠳ ᠢᠶᠠᠷ ᠨᠢ ᠭᠣᠣᠯ ᠭᠣᠷᠣᠬ᠎ᠠ᠂ ᠪᠤᠯᠠᠭ ᠱᠠᠩᠳᠠ ᠤᠷᠤᠰᠳᠠᠭ ᠭᠠᠵᠠᠷ᠂ 8 ᠪᠤᠭᠤᠳᠠᠢ᠂ ᠠᠷᠪᠠᠢ᠂ ᠦᠵᠦᠮ᠂ ᠢᠨᠵᠢᠷ᠂ ᠠᠨᠠᠷ ᠵᠢᠮᠢᠰ ᠲᠠᠢ ᠭᠠᠵᠠᠷ᠂ ᠴᠢᠳᠦᠨ ᠦ ᠲᠣᠰᠣ᠂ ᠵᠥᠭᠡᠢ ᠶᠢᠨ ᠪᠠᠯ ᠲᠠᠢ ᠭᠠᠵᠠᠷ᠂ 9 ᠢᠳᠡᠬᠦ ᠬᠣᠭᠣᠯᠠ ᠬᠦᠨᠡᠰᠦ ᠪᠡᠷ ᠬᠣᠮᠰᠠᠳᠠᠬᠤ ᠦᠭᠡᠢ᠂ ᠶᠠᠭᠤ ᠪᠠᠷ ᠴᠤ ᠳᠤᠲᠠᠬᠤ ᠦᠭᠡᠢ ᠭᠠᠵᠠᠷ᠂ ᠴᠢᠯᠠᠭᠤᠨ ᠠᠴᠠ ᠨᠢ ᠲᠡᠮᠦᠷ ᠣᠯᠳᠠᠵᠤ᠂ ᠲᠣᠯᠣᠭᠠᠳ ᠠᠴᠠ ᠨᠢ ᠵᠡᠰ ᠭᠠᠷᠳᠠᠭ ᠭᠠᠵᠠᠷ ᠶᠤᠮ᠃ 10 ᠴᠢ ᠢᠳᠡᠵᠦ ᠴᠠᠳᠤᠭᠠᠳ ᠲᠡᠷᠡ ᠰᠠᠢᠬᠠᠨ ᠨᠤᠲᠤᠭ ᠢ ᠴᠢᠮ᠎ᠠ ᠳᠤ ᠰᠣᠶᠣᠷᠬᠠᠭᠰᠠᠨ ᠶᠣᠬᠣᠸᠠ ᠪᠤᠷᠬᠠᠨ ᠢᠶᠠᠨ ᠮᠠᠭᠲᠠᠬᠤ ᠪᠣᠯᠣᠨ᠎ᠠ᠃
11 ᠬᠠᠷᠢᠨ ᠴᠢ ᠶᠣᠬᠣᠸᠠ ᠪᠤᠷᠬᠠᠨ ᠢᠶᠠᠨ ᠮᠠᠷᠲᠠᠭᠠᠳ ᠥᠨᠥᠳᠥᠷ ᠦᠨ ᠮᠢᠨᠦ ᠲᠤᠰᠢᠶᠠᠵᠤ ᠪᠤᠢ ᠲᠡᠭᠦᠨ ᠦ ᠲᠤᠰᠢᠶᠠᠯ᠂ ᠬᠠᠤᠯᠢ ᠵᠢᠭᠠᠪᠤᠷᠢ ᠶᠢ ᠰᠠᠬᠢᠬᠤ ᠦᠭᠡᠢ ᠪᠣᠯᠬᠤ ᠠᠴᠠ ᠪᠣᠯᠭᠣᠮᠵᠢᠯᠠᠭᠠᠷᠠᠢ᠃ 12 ᠴᠢ ᠢᠳᠡᠵᠦ ᠴᠠᠳᠤᠭᠠᠳ᠂ ᠰᠠᠢᠬᠠᠨ ᠪᠠᠢᠰᠢᠩ ᠪᠠᠷᠢᠨ᠂ ᠲᠡᠨᠳᠡ ᠪᠡᠨ ᠰᠠᠭᠤᠷᠢᠰᠢᠬᠤ ᠳᠠᠭᠠᠨ 13 ᠮᠠᠯ ᠰᠦᠷᠦᠭ ᠴᠢᠨᠢ ᠣᠯᠠᠰᠢᠷᠠᠨ ᠠᠯᠲᠠ ᠮᠥᠩᠭᠥ ᠴᠢᠨᠢ ᠠᠷᠪᠢᠵᠢᠵᠤ᠂ ᠪᠠᠢᠭ᠎ᠠ ᠪᠦᠬᠦᠨ ᠴᠢᠨᠢ ᠡᠯᠪᠡᠭᠵᠢᠬᠦ ᠦᠶ᠎ᠡ ᠳᠦ᠂ 14 ᠪᠠᠷᠳᠠᠮ ᠵᠠᠩ ᠲᠠᠢ ᠪᠣᠯᠵᠤ᠂ ᠶᠧᠵᠢᠫᠲ ᠤᠨ ᠪᠣᠭᠣᠯᠴᠢᠯᠠᠯ ᠤᠨ ᠭᠡᠷ ᠡᠴᠡ ᠴᠢᠮᠠᠶᠢ ᠭᠠᠷᠭᠠᠵᠤ ᠠᠪᠤᠭᠰᠠᠨ ᠶᠣᠬᠣᠸᠠ ᠪᠤᠷᠬᠠᠨ ᠢᠶᠠᠨ ᠮᠠᠷᠲᠠᠭᠤᠵᠠᠢ᠃ 15 ᠲᠡᠷᠡ ᠴᠢᠮᠠᠶᠢ ᠠᠶᠤᠮᠰᠢᠭᠲᠤ ᠥᠷᠭᠡᠨ ᠴᠥᠯ ᠳᠤᠮᠳᠠᠭᠤᠷ᠂ ᠭᠠᠯᠲᠤ ᠮᠣᠭᠠᠢ ᠪᠣᠯᠣᠨ ᠬᠢᠯᠢᠨᠴᠡᠲᠦ ᠬᠣᠷᠣᠬᠠᠢ ᠶᠢᠨ ᠠᠮᠢᠳᠤᠷᠠᠳᠠᠭ ᠤᠰᠤ ᠦᠭᠡᠢ ᠠᠩ᠋ᠭᠠᠮᠠᠯ ᠭᠠᠵᠠᠷ ᠢᠶᠠᠷ ᠳᠠᠭᠠᠭᠤᠯᠤᠨ ᠶᠠᠪᠤᠵᠤ᠂ ᠴᠢᠨᠦ ᠲᠥᠯᠥᠭᠡ ᠴᠠᠬᠢᠭᠤᠷ ᠴᠢᠯᠠᠭᠤᠨ ᠠᠴᠠ ᠤᠰᠤ ᠭᠠᠷᠭᠠᠵᠤ ᠥᠭᠳᠡᠭ ᠪᠠᠢᠭᠰᠠᠨ᠂ 16 ᠴᠢᠨᠦ ᠡᠴᠢᠭᠡ ᠡᠪᠦᠭᠡᠳ ᠴᠤ ᠮᠡᠳᠡᠳᠡᠭ ᠦᠭᠡᠢ ᠪᠠᠢᠭᠰᠠᠨ 《ᠮᠠᠨᠨᠠ》 ᠪᠠᠷ ᠴᠥᠯ ᠳᠤ ᠴᠢᠮᠠᠶᠢ ᠬᠣᠭᠣᠯᠠᠯᠠᠭᠤᠯᠵᠤ ᠪᠠᠢᠭᠰᠠᠨ ᠪᠢᠯᠡ᠃ ᠲᠡᠷᠡ ᠴᠢᠮᠠᠶᠢ ᠡᠢᠨ ᠬᠦ ᠨᠣᠮᠣᠬᠠᠳᠬᠠᠨ᠂ ᠰᠣᠷᠢᠵᠤ ᠰᠢᠯᠭᠠᠭᠰᠠᠨ ᠨᠢ ᠬᠣᠢᠰᠢᠳᠠ ᠴᠢᠮ᠎ᠠ ᠳᠤ ᠰᠠᠢᠨ ᠰᠠᠢᠬᠠᠨ ᠢ ᠠᠮᠰᠠᠭᠤᠯᠬᠤ ᠭᠡᠰᠡᠨ ᠶᠤᠮ᠃ 17 ᠬᠠᠷᠢᠨ ᠴᠢ ᠳᠣᠲᠣᠷ᠎ᠠ ᠪᠠᠨ 《ᠡᠨᠡ ᠡᠳ᠋ ᠬᠥᠷᠥᠩᠭᠡ ᠶᠢ ᠪᠢ ᠥᠪᠡᠷ ᠦᠨ ᠴᠢᠳᠠᠯ᠂ ᠭᠠᠷ ᠤᠨ ᠢᠶᠠᠨ ᠬᠦᠴᠦ ᠪᠡᠷ ᠣᠯᠣᠯ᠎ᠠ》 ᠭᠡᠵᠦ ᠪᠦᠦ ᠪᠣᠳᠣ᠂ 18 ᠶᠣᠬᠣᠸᠠ ᠪᠤᠷᠬᠠᠨ ᠢᠶᠠᠨ ᠰᠠᠨᠠ᠃ ᠴᠢᠮ᠎ᠠ ᠳᠤ ᠡᠳ᠋ ᠬᠥᠷᠥᠩᠭᠡ ᠣᠯᠬᠤ ᠴᠢᠳᠠᠯ ᠢ ᠰᠣᠶᠣᠷᠬᠠᠭᠴᠢ ᠨᠢ ᠲᠡᠷᠡ ᠪᠢᠯᠡ᠃ ᠡᠢᠨ ᠬᠦ ᠲᠡᠷᠡ ᠪᠡᠷ ᠲᠠᠨ ᠤ ᠡᠴᠢᠭᠡ ᠡᠪᠦᠭᠡᠳ ᠲᠦ ᠲᠠᠩ᠋ᠭᠠᠷᠢᠭᠯᠠᠭᠰᠠᠨ ᠭᠡᠷ᠎ᠡ ᠪᠡᠨ ᠥᠨᠥ ᠦᠶ᠎ᠡ ᠳᠦ ᠪᠠᠲᠤᠯᠠᠵᠤ ᠪᠠᠢᠨ᠎ᠠ᠃ 19 ᠥᠨᠥᠳᠥᠷ ᠪᠢ ᠪᠠᠲᠤᠲᠠᠢ ᠬᠡᠯᠡᠶ᠎ᠡ᠃ ᠬᠡᠷᠪᠡ ᠴᠢ ᠶᠣᠬᠣᠸᠠ ᠪᠤᠷᠬᠠᠨ ᠢᠶᠠᠨ ᠤᠮᠠᠷᠲᠠᠵᠤ ᠥᠭᠡᠷ᠎ᠡ ᠪᠤᠷᠬᠠᠳ ᠢ ᠳᠠᠭᠠᠵᠤ᠂ ᠲᠡᠳᠡᠨ ᠳᠦ ᠪᠥᠬᠥᠢᠨ ᠮᠥᠷᠭᠥᠪᠡᠯ ᠲᠠ ᠨᠠᠷ ᠭᠠᠷᠴᠠᠭ᠎ᠠ ᠦᠭᠡᠢ ᠤᠰᠠᠲᠤᠨ᠎ᠠ᠂ 20 ᠲᠠ ᠨᠠᠷ ᠶᠣᠬᠣᠸᠠ ᠪᠤᠷᠬᠠᠨ ᠤ ᠪᠠᠨ ᠳᠠᠭᠤ ᠬᠣᠭᠣᠯᠠᠢ ᠶᠢ ᠰᠣᠨᠣᠰᠬᠤ ᠦᠭᠡᠢ ᠪᠠᠢᠬᠤ ᠶᠤᠮ ᠪᠣᠯ᠂ ᠲᠠ ᠨᠠᠷ ᠤᠨ ᠤᠷᠢᠳᠠ ᠶᠣᠬᠣᠸᠠ ᠳᠤ ᠤᠰᠠᠳᠬᠠᠭᠳᠠᠭᠰᠠᠨ ᠲᠡᠳᠡᠭᠡᠷ ᠦᠨᠳᠦᠰᠦᠲᠡᠨ ᠲᠡᠢ ᠨᠢᠭᠡ ᠯᠠ ᠠᠳᠠᠯᠢ ᠤᠰᠠᠳᠬᠠᠭᠳᠠᠬᠤ ᠪᠣᠯᠣᠨ᠎ᠠ᠃