ᠳᠡᠳ᠋ ᠬᠠᠤᠯᠢ ᠵᠢᠷᠭᠤᠭ᠎ᠠ
ᠬᠠᠮᠤᠭ ᠤᠨ ᠴᠢᠬᠤᠯᠠ ᠵᠠᠷᠯᠢᠭ
1 ᠳᠠᠷᠠᠭᠠᠬᠢ ᠨᠢ ᠲᠠ ᠨᠠᠷ ᠤᠨ ᠪᠤᠷᠬᠠᠨ ᠶᠣᠬᠣᠸᠠ ᠶᠢᠨ ᠲᠠ ᠨᠠᠷ ᠢ ᠰᠤᠷᠭᠠᠬᠤ ᠪᠠᠷ ᠲᠤᠰᠢᠶᠠᠭᠰᠠᠨ ᠲᠤᠰᠢᠶᠠᠯ᠂ ᠲᠣᠭᠲᠠᠭᠠᠯ ᠪᠠ ᠵᠢᠷᠤᠮ ᠶᠤᠮ᠃ ᠲᠠ ᠨᠠᠷ ᠶᠣᠷᠳᠠᠨ ᠢ ᠭᠠᠲᠤᠯᠤᠨ ᠣᠴᠢᠵᠤ ᠡᠵᠡᠮᠰᠢᠬᠦ ᠭᠠᠵᠠᠷ ᠨᠤᠲᠤᠭ ᠳᠡᠭᠡᠷ᠎ᠡ ᠪᠡᠨ ᠡᠳᠡᠭᠡᠷ ᠢ ᠪᠡᠶᠡᠯᠡᠭᠦᠯᠬᠦ ᠶᠣᠰᠣᠲᠠᠢ᠄ 2 ᠡᠢᠨ ᠬᠦ ᠴᠢ ᠪᠣᠯᠣᠨ ᠴᠢᠨᠦ ᠬᠡᠦᠬᠡᠳ᠂ ᠠᠴᠢ ᠨᠠᠷ ᠴᠤ ᠠᠮᠢᠳᠤᠷᠠᠯ ᠤᠨ ᠢᠶᠠᠨ ᠪᠦᠬᠦᠢᠯᠡ ᠡᠳᠦᠷ ᠤᠳ ᠲᠤ ᠶᠣᠬᠣᠸᠠ ᠪᠤᠷᠬᠠᠨ ᠠᠴᠠ ᠪᠠᠨ ᠡᠮᠢᠶᠡᠵᠦ᠂ ᠮᠢᠨᠦ ᠲᠤᠰᠢᠶᠠᠬᠤ ᠪᠦᠬᠦ ᠲᠣᠭᠲᠠᠭᠠᠯ ᠪᠠ ᠲᠤᠰᠢᠶᠠᠯ ᠤᠳ ᠢ ᠮᠥᠷᠳᠡᠬᠦ ᠪᠥᠭᠡᠳ ᠴᠢ ᠤᠷᠲᠤ ᠨᠠᠰᠤᠯᠠᠬᠤ ᠪᠣᠯᠣᠨ᠎ᠠ᠃ 3 ᠰᠣᠨᠣᠰ᠂ ᠢᠰᠷᠧᠯ ᠡ︕ ᠲᠠ ᠨᠠᠷ ᠡᠭᠦᠨ ᠢ ᠰᠠᠬᠢᠵᠤ ᠪᠡᠶᠡᠯᠡᠭᠦᠯ︕ ᠲᠡᠭᠡᠪᠡᠯ ᠡᠴᠢᠭᠡ ᠡᠪᠦᠭᠡᠳ ᠦᠨ ᠴᠢᠨᠢ ᠪᠤᠷᠬᠠᠨ ᠶᠣᠬᠣᠸᠠ ᠶᠢᠨ ᠴᠢᠮ᠎ᠠ ᠳᠤ ᠠᠮᠠᠯᠠᠭᠰᠠᠨᠴᠢᠯᠠᠨ ᠴᠢ ᠰᠠᠢᠨ ᠰᠠᠢᠬᠠᠨ ᠢ ᠡᠳ᠋ᠯᠡᠬᠦ ᠪᠥᠭᠡᠳ ᠰᠦ᠋᠂ ᠪᠠᠯ ᠢᠶᠠᠷ ᠪᠢᠯᠬᠠᠭᠰᠠᠨ ᠲᠡᠷᠡ ᠨᠤᠲᠤᠭ ᠳᠡᠭᠡᠷ᠎ᠡ ᠤᠯᠠᠮ ᠥᠨᠢᠷ ᠥᠳᠬᠡᠨ ᠪᠣᠯᠣᠨ᠎ᠠ᠃
4 ᠰᠣᠨᠣᠰ᠂ ᠢᠰᠷᠧᠯ ᠡ︕ ᠪᠢᠳᠡᠨ ᠦ ᠪᠤᠷᠬᠠᠨ ᠪᠣᠯ ᠶᠣᠬᠣᠸᠠ᠂ ᠭᠠᠭᠴᠠ ᠶᠣᠬᠣᠸᠠ ᠪᠢᠯᠡ᠃ 5 ᠴᠢ ᠶᠣᠬᠣᠸᠠ ᠪᠤᠷᠬᠠᠨ ᠢᠶᠠᠨ ᠪᠦᠬᠦ ᠵᠢᠷᠦᠬᠡ᠂ ᠪᠦᠬᠦ ᠠᠮᠢ᠂ ᠪᠦᠬᠦ ᠬᠦᠴᠦ ᠪᠡᠷ ᠢᠶᠠᠨ ᠬᠠᠢᠷᠠᠯᠠ᠃ 6 ᠮᠢᠨᠦ ᠥᠨᠥᠳᠥᠷ ᠦᠨ ᠴᠢᠮ᠎ᠠ ᠳᠤ ᠲᠤᠰᠢᠶᠠᠵᠤ ᠪᠤᠢ ᠡᠨᠡ ᠦᠭᠡᠰ ᠢ ᠴᠢ ᠵᠢᠷᠦᠬᠡᠨ ᠳᠡᠭᠡᠨ ᠪᠠᠢᠯᠭᠠᠵᠤ᠂ 7 ᠦᠷ᠎ᠡ ᠬᠡᠦᠬᠡᠳ ᠲᠡᠭᠡᠨ ᠬᠠᠯᠠᠰᠢᠷᠠᠯ ᠦᠭᠡᠢ ᠵᠢᠭ᠎ᠠ᠃ ᠴᠢ ᠭᠡᠷ ᠲᠡᠭᠡᠨ ᠰᠠᠭᠤᠬᠤ ᠳᠠᠭᠠᠨ ᠴᠤ᠂ ᠵᠠᠮ ᠳᠤ ᠶᠠᠪᠤᠬᠤ ᠳᠠᠭᠠᠨ ᠴᠤ᠂ ᠬᠡᠪᠲᠡᠬᠦ ᠳᠡᠭᠡᠨ ᠴᠤ᠂ ᠪᠣᠰᠬᠤ ᠳᠠᠭᠠᠨ ᠴᠤ ᠲᠡᠳᠡᠭᠡᠷ ᠦᠨ ᠲᠤᠬᠠᠢ ᠶᠠᠷᠢᠵᠤ ᠪᠠᠢ᠃ 8 ᠴᠢ ᠡᠳᠡᠭᠡᠷ ᠢ ᠲᠡᠮᠳᠡᠭ ᠪᠣᠯᠭᠠᠨ ᠭᠠᠷ ᠲᠠᠭᠠᠨ ᠤᠶᠠᠵᠤ᠂ ᠰᠠᠨᠠᠭᠤᠯᠭ᠎ᠠ ᠪᠣᠯᠭᠠᠨ ᠬᠣᠶᠠᠷ ᠨᠢᠳᠦᠨ ᠦ ᠪᠠᠨ ᠬᠣᠭᠣᠷᠣᠨᠳᠣ ᠪᠠᠢᠯᠭ᠎ᠠ᠃ 9 ᠮᠥᠨ ᠲᠡᠳᠡᠭᠡᠷ ᠢ ᠭᠡᠷ ᠦᠨ ᠢᠶᠠᠨ ᠬᠠᠲᠠᠪᠴᠢ ᠨᠤᠭᠤᠳ ᠳᠡᠭᠡᠷ᠎ᠡ᠂ ᠮᠥᠨ ᠬᠠᠭᠠᠯᠭ᠎ᠠ ᠨᠤᠭᠤᠳ ᠳᠡᠭᠡᠷ᠎ᠡ ᠪᠡᠨ ᠪᠢᠴᠢ᠃
ᠪᠤᠷᠬᠠᠨ ᠢ ᠰᠠᠨᠠᠵᠤ ᠳᠤᠭᠤᠯᠭᠠᠪᠤᠷᠢᠲᠠᠢ ᠪᠠᠢ
10 ᠴᠢᠨᠦ ᠪᠤᠷᠬᠠᠨ ᠶᠣᠬᠣᠸᠠ ᠶᠢᠨ ᠴᠢᠮ᠎ᠠ ᠳᠤ ᠥᠭᠬᠦ ᠪᠡᠷ ᠴᠢᠨᠦ ᠡᠴᠢᠭᠡ ᠡᠪᠦᠭᠡᠳ ᠠᠪᠷᠠᠬᠠᠮ᠂ ᠢᠰᠠᠺ᠂ ᠶᠠᠺᠣᠪ ᠲᠤ ᠲᠠᠩ᠋ᠭᠠᠷᠢᠭᠯᠠᠭᠰᠠᠨ ᠲᠡᠷᠡ ᠨᠤᠲᠤᠭ ᠲᠤ ᠴᠢᠮᠠᠶᠢ ᠣᠷᠣᠭᠤᠯᠵᠤ᠂ ᠴᠢᠨᠦ ᠪᠠᠷᠢᠵᠤ ᠪᠣᠰᠬᠠᠭ᠎ᠠ ᠦᠭᠡᠢ ᠲᠣᠮᠣ ᠰᠠᠢᠬᠠᠨ ᠬᠣᠲᠠ ᠳᠤ᠂ 11 ᠴᠢᠨᠦ ᠳᠦᠭᠦᠷᠭᠡᠭᠡ ᠦᠭᠡᠢ ᠲᠥᠷᠥᠯ ᠪᠦᠷᠢ ᠶᠢᠨ ᠰᠠᠢᠨ ᠰᠠᠢᠬᠠᠨ ᠡᠳ᠋ ᠶᠠᠭᠤᠮᠠᠰ ᠢᠶᠠᠷ ᠳᠦᠭᠦᠷᠡᠩ ᠭᠡᠷ ᠤᠳ᠂ ᠴᠢᠨᠦ ᠤᠬᠤᠭᠠ ᠦᠭᠡᠢ ᠤᠰᠤᠨ ᠰᠠᠩ᠂ ᠴᠢᠨᠦ ᠲᠠᠷᠢᠭ᠎ᠠ ᠦᠭᠡᠢ ᠦᠵᠦᠮ ᠦᠨ ᠴᠡᠴᠡᠷᠯᠢᠭ᠂ ᠴᠢᠳᠦᠨ ᠮᠣᠳᠣᠨ ᠤ ᠣᠢ ᠶᠢ ᠴᠢᠮ᠎ᠠ ᠳᠤ ᠰᠣᠶᠣᠷᠬᠠᠨ ᠴᠢᠮᠠᠶᠢ ᠴᠠᠳᠲᠠᠯ᠎ᠠ ᠢᠳᠡᠭᠦᠯᠬᠦ ᠦᠶ᠎ᠡ ᠳᠦ᠂ 12 ᠴᠢ ᠥᠪᠡᠷ ᠢ ᠴᠢᠨᠢ ᠶᠧᠵᠢᠫᠲ ᠤᠨ ᠪᠣᠭᠣᠯᠴᠢᠯᠠᠯ ᠤᠨ ᠭᠡᠷ ᠡᠴᠡ ᠭᠠᠷᠭᠠᠵᠤ ᠠᠪᠤᠭᠰᠠᠨ ᠶᠣᠬᠣᠸᠠ ᠶᠢ ᠤᠮᠠᠷᠲᠠᠬᠤ ᠠᠴᠠ ᠪᠣᠯᠭᠣᠮᠵᠢᠯᠠᠨ᠂ 13 ᠶᠣᠬᠣᠸᠠ ᠪᠤᠷᠬᠠᠨ ᠠᠴᠠ ᠪᠠᠨ ᠡᠮᠢᠶᠡᠵᠦ ᠲᠡᠭᠦᠨ ᠳᠦ ᠯᠠ ᠦᠢᠯᠡᠴᠢᠯᠡ᠂ ᠲᠡᠭᠦᠨ ᠦ ᠨᠡᠷ᠎ᠡ ᠪᠡᠷ ᠯᠠ ᠲᠠᠩ᠋ᠭᠠᠷᠢᠭᠯᠠ᠃ 14 ᠲᠠ ᠨᠠᠷ ᠪᠤᠰᠤᠳ ᠪᠤᠷᠬᠠᠳ᠂ ᠡᠷᠭᠢᠨ ᠲᠣᠭᠣᠷᠢᠨ ᠤ ᠪᠠᠨ ᠦᠨᠳᠦᠰᠦᠲᠡᠨ ᠨᠦᠭᠦᠳ ᠦᠨ ᠪᠤᠷᠬᠠᠳ ᠠᠴᠠ ᠠᠯᠢ ᠶᠢ ᠨᠢ ᠴᠤ ᠪᠦᠦ ᠳᠠᠭ᠎ᠠ᠃ 15 ᠡᠰᠡ ᠲᠡᠭᠡᠪᠡᠯ ᠲᠠ ᠨᠠᠷ ᠤᠨ ᠳᠤᠮᠳᠠ ᠪᠠᠢᠭ᠎ᠠ ᠶᠣᠬᠣᠸᠠ ᠪᠤᠷᠬᠠᠨ ᠴᠢᠨᠢ ᠬᠠᠷᠠᠲᠠᠢ ᠪᠤᠷᠬᠠᠨ ᠪᠣᠯᠬᠣᠷ ᠶᠣᠬᠣᠸᠠ ᠪᠤᠷᠬᠠᠨ ᠴᠢᠨᠢ ᠲᠠ ᠨᠠᠷ ᠲᠤ ᠬᠢᠯᠢᠩᠨᠡᠵᠦ᠂ ᠲᠠ ᠨᠠᠷ ᠢ ᠭᠠᠵᠠᠷ ᠤᠨ ᠬᠥᠷᠥᠰᠥᠨ ᠡᠴᠡ ᠠᠷᠴᠢᠨ ᠬᠠᠶᠠᠬᠤ ᠪᠤᠢ᠃
16 ᠲᠠ ᠨᠠᠷ ᠶᠣᠬᠣᠸᠠ ᠪᠤᠷᠬᠠᠨ ᠢᠶᠠᠨ ᠮᠠᠰᠠ 4 ᠳᠤ ᠲᠡᠩᠰᠡᠭᠰᠡᠨ ᠰᠢᠭ ᠢᠶᠠᠨ ᠪᠦᠦ ᠲᠡᠩᠰᠡ᠂ 17 ᠬᠠᠷᠢᠨ ᠶᠣᠬᠣᠸᠠ ᠪᠤᠷᠬᠠᠨ ᠤ ᠪᠠᠨ ᠲᠠ ᠨᠠᠷ ᠲᠤ ᠲᠤᠰᠢᠶᠠᠭᠰᠠᠨ ᠲᠤᠰᠢᠶᠠᠯ ᠪᠣᠯᠣᠨ ᠲᠡᠭᠦᠨ ᠦ ᠵᠠᠷᠴᠢᠮ ᠲᠣᠭᠲᠠᠭᠠᠯ ᠤᠳ ᠢ ᠭᠦᠢᠴᠡᠳ ᠰᠠᠬᠢ᠃ 18 ᠶᠣᠬᠣᠸᠠ ᠶᠢᠨ ᠮᠡᠯᠮᠡᠢ ᠳᠦ ᠰᠢᠳᠤᠷᠭᠤ ᠪᠠ ᠰᠠᠢᠨ ᠵᠦᠢᠯ ᠢ ᠯᠠ ᠦᠢᠯᠡᠳ᠃ ᠲᠡᠭᠡᠪᠡᠯ ᠴᠢ ᠰᠠᠢᠨ ᠰᠠᠢᠬᠠᠨ ᠢ ᠡᠳ᠋ᠯᠡᠵᠦ᠂ ᠶᠣᠬᠣᠸᠠ ᠶᠢᠨ ᠡᠴᠢᠭᠡ ᠡᠪᠦᠭᠡᠳ ᠲᠦ ᠴᠢᠨᠢ ᠲᠠᠩ᠋ᠭᠠᠷᠢᠭᠯᠠᠭᠰᠠᠨ ᠲᠡᠷᠡ ᠰᠠᠢᠨ ᠨᠤᠲᠤᠭ ᠲᠤ ᠣᠷᠣᠵᠤ᠂ ᠲᠡᠭᠦᠨ ᠢ ᠡᠵᠡᠮᠰᠢᠬᠦ ᠪᠥᠭᠡᠳ 19 ᠶᠣᠬᠣᠸᠠ ᠶᠢᠨ ᠠᠢᠯᠠᠳᠤᠭᠰᠠᠨᠴᠢᠯᠠᠨ ᠬᠠᠮᠤᠭ ᠳᠠᠢᠰᠤᠨ ᠨᠤᠭᠤᠳ ᠢᠶᠠᠨ ᠡᠮᠦᠨ᠎ᠡ ᠡᠴᠡ ᠪᠡᠨ ᠬᠥᠭᠡᠭᠡᠨ ᠭᠠᠷᠭᠠᠨ᠎ᠠ᠃
20 ᠬᠣᠵᠢᠮ ᠴᠢᠨᠦ ᠬᠦᠦ ᠴᠢᠮ᠎ᠠ ᠠᠴᠠ᠄ 《ᠮᠠᠨ ᠤ ᠪᠤᠷᠬᠠᠨ ᠶᠣᠬᠣᠸᠠ ᠶᠢᠨ ᠲᠠ ᠨᠠᠷ ᠲᠤ ᠲᠤᠰᠢᠶᠠᠭᠰᠠᠨ ᠵᠠᠷᠴᠢᠮ᠂ ᠲᠣᠭᠲᠠᠭᠠᠯ᠂ ᠵᠢᠷᠤᠮ ᠤᠳ ᠶᠠᠮᠠᠷ ᠤᠴᠢᠷ ᠲᠠᠢ ᠶᠤᠮ ᠪᠤᠢ︖》 ᠭᠡᠵᠦ ᠠᠰᠠᠭᠤᠪᠠᠯ᠂ 21 ᠴᠢ ᠬᠦᠦ ᠳᠡᠭᠡᠨ᠄ 《ᠪᠢᠳᠡ ᠶᠧᠵᠢᠫᠲ ᠲᠤ ᠹᠠᠷᠠᠣ᠋ ᠶᠢᠨ ᠪᠣᠭᠣᠯ ᠪᠠᠢᠭᠰᠠᠨ᠂ ᠭᠡᠪᠡᠴᠦ ᠶᠣᠬᠣᠸᠠ ᠬᠦᠴᠦᠷᠬᠡᠭ ᠮᠤᠲᠤᠷ ᠢᠶᠠᠷ ᠢᠶᠠᠨ ᠪᠢᠳᠡᠨ ᠢ ᠶᠧᠵᠢᠫᠲ ᠡᠴᠡ ᠠᠪᠴᠢᠷᠠᠭᠰᠠᠨ᠃ 22 ᠶᠣᠬᠣᠸᠠ ᠪᠢᠳᠡᠨ ᠦ ᠨᠢᠳᠦᠨ ᠦ ᠡᠮᠦᠨ᠎ᠡ ᠶᠧᠵᠢᠫᠲ ᠲᠤ᠂ ᠹᠠᠷᠠᠣ᠋ ᠬᠢᠭᠡᠳ ᠲᠡᠭᠦᠨ ᠦ ᠬᠠᠮᠤᠭ ᠭᠡᠷ ᠣᠷᠣᠨ ᠳᠤ ᠠᠭᠤᠤ ᠶᠡᠬᠡ ᠠᠶᠤᠮᠰᠢᠭᠲᠤ ᠲᠡᠮᠳᠡᠭ ᠤᠳ᠂ ᠭᠠᠢᠬᠠᠮᠰᠢᠭ ᠤᠳ ᠢ ᠦᠢᠯᠡᠳᠴᠦ᠂ 23 ᠪᠢᠳᠡᠨ ᠢ ᠲᠡᠨᠳᠡ ᠡᠴᠡ ᠭᠠᠷᠭᠠᠭᠰᠠᠨ᠃ ᠲᠡᠢᠨ ᠬᠦ ᠲᠡᠷᠡ ᠪᠡᠷ ᠮᠠᠨ ᠤ ᠡᠴᠢᠭᠡ ᠡᠪᠦᠭᠡᠳ ᠲᠦ ᠲᠠᠩ᠋ᠭᠠᠷᠢᠭᠯᠠᠭᠰᠠᠨ ᠨᠤᠲᠤᠭ ᠲᠤ ᠪᠢᠳᠡᠨ ᠢ ᠣᠷᠣᠭᠤᠯᠵᠤ᠂ ᠲᠡᠭᠦᠨ ᠢ ᠪᠢᠳᠡᠨ ᠳᠦ ᠥᠭᠬᠦ ᠭᠡᠰᠡᠨ ᠶᠤᠮ》 ᠭᠡᠵᠦ ᠬᠡᠯᠡ᠃ 24 ᠶᠣᠬᠣᠸᠠ ᠪᠢᠳᠡᠨ ᠳᠦ ᠡᠨᠡ ᠪᠦᠬᠦ ᠲᠣᠭᠲᠠᠭᠠᠯ ᠢ ᠪᠡᠶᠡᠯᠡᠭᠦᠯᠬᠦ ᠪᠠ ᠶᠣᠬᠣᠸᠠ ᠪᠤᠷᠬᠠᠨ ᠠᠴᠠ ᠪᠠᠨ ᠡᠮᠢᠶᠡᠬᠦ ᠶᠢ ᠲᠤᠰᠢᠶᠠᠭᠰᠠᠨ ᠨᠢ ᠪᠢᠳᠡᠨ ᠳᠦ ᠦᠷᠭᠦᠯᠵᠢ ᠰᠠᠢᠨ ᠰᠠᠢᠬᠠᠨ ᠢ ᠡᠳ᠋ᠯᠡᠭᠦᠯᠵᠦ᠂ ᠥᠨᠥᠳᠥᠷ ᠦᠨ ᠬᠢ ᠰᠢᠭ ᠠᠮᠢᠳᠤ ᠦᠯᠡᠳᠡᠭᠡᠬᠦ ᠶᠢᠨ ᠲᠤᠯᠠᠳᠠ ᠶᠤᠮ᠃ 25 ᠬᠡᠷᠪᠡ ᠪᠢᠳᠡ ᠰᠡᠷᠡᠮᠵᠢ ᠲᠠᠢ ᠪᠠᠢᠵᠤ᠂ ᠲᠡᠭᠦᠨ ᠦ ᠲᠤᠰᠢᠶᠠᠭᠰᠠᠨ ᠶᠣᠰᠣᠭᠠᠷ ᠶᠣᠬᠣᠸᠠ ᠪᠤᠷᠬᠠᠨ ᠤ ᠪᠠᠨ ᠡᠮᠦᠨ᠎ᠡ ᠡᠨᠡ ᠪᠦᠬᠦ ᠲᠤᠰᠢᠶᠠᠯ ᠢ ᠳᠠᠭᠠᠪᠠᠯ ᠲᠡᠷᠡ ᠨᠢ ᠪᠢᠳᠡᠨ ᠦ ᠵᠥᠪᠲᠦ ᠪᠠᠢᠳᠠᠯ ᠶᠤᠮ᠃