1 2 3 4 5 6 7 8 9 10 11 12 13 14 15 16 17 18 19 20 21 22 23 24 25 26 27 28 29 30 31 32 33 34


ᠳᠡᠳ᠋ ᠬᠠᠤᠯᠢ ᠠᠷᠪᠠ
 ᠠᠷᠪᠠᠨ ᠬᠠᠤᠯᠢ ᠶᠢ ᠳᠠᠬᠢᠨᠲᠠ ᠬᠦᠯᠢᠶᠡᠨ ᠠᠪᠤᠪᠠ

1 ᠲᠡᠭᠡᠬᠦ ᠳᠦ ᠶᠣᠬᠣᠸᠠ ᠨᠠᠳᠠ ᠳᠤ ᠠᠢᠯᠠᠳᠤᠨ᠄ 《ᠴᠢ ᠲᠦᠷᠦᠭᠦᠴᠢ ᠶᠢᠨ ᠬᠢ ᠰᠢᠭ ᠢᠶᠠᠨ ᠬᠣᠶᠠᠷ ᠴᠢᠯᠠᠭᠤᠨ ᠬᠠᠪᠲᠠᠰᠤ ᠶᠢ ᠶᠠᠩᠵᠤᠯᠠᠭᠠᠳ᠂ ᠠᠭᠤᠯᠠᠨ ᠳᠡᠭᠡᠷ᠎ᠡ ᠭᠠᠷᠴᠤ ᠨᠠᠳᠠ ᠤᠷᠤᠭᠤ ᠬᠦᠷᠴᠦ ᠢᠷ᠎ᠡ᠃ ᠪᠠᠰᠠ ᠨᠢᠭᠡᠨ ᠮᠣᠳᠣᠨ ᠠᠪᠳᠠᠷ᠎ᠠ ᠬᠢ᠃ 2 ᠴᠢᠨᠦ ᠪᠤᠲᠠᠯᠤᠭᠰᠠᠨ ᠲᠦᠷᠦᠭᠦᠴᠢ ᠶᠢᠨ ᠬᠠᠪᠲᠠᠰᠤ ᠨᠤᠭᠤᠳ ᠳᠡᠭᠡᠷ᠎ᠡ ᠪᠠᠢᠭᠰᠠᠨ ᠦᠭᠡᠰ ᠢ ᠪᠢ ᠡᠳᠡᠭᠡᠷ ᠬᠠᠪᠲᠠᠰᠤᠨ ᠳᠡᠭᠡᠷ᠎ᠡ ᠪᠢᠴᠢᠶ᠎ᠡ᠃ ᠴᠢ ᠲᠡᠳᠡᠭᠡᠷ ᠢ ᠲᠡᠷᠡ ᠠᠪᠳᠠᠷ᠎ᠠ ᠳᠠᠭᠠᠨ ᠬᠢ》 ᠭᠡᠪᠡ᠃ 3 ᠪᠢ ᠬᠤᠸᠠᠢᠰᠠ ᠮᠣᠳᠣ ᠪᠠᠷ ᠨᠢᠭᠡ ᠠᠪᠳᠠᠷ᠎ᠠ ᠬᠢᠵᠦ᠂ ᠲᠦᠷᠦᠭᠦᠴᠢ ᠶᠢᠨ ᠬᠢ ᠲᠠᠢ ᠪᠠᠨ ᠠᠳᠠᠯᠢᠬᠠᠨ ᠬᠣᠶᠠᠷ ᠴᠢᠯᠠᠭᠤᠨ ᠬᠠᠪᠲᠠᠰᠤ ᠶᠢ ᠶᠠᠩᠵᠤᠯᠠᠭᠠᠳ ᠭᠠᠷ ᠲᠠᠭᠠᠨ ᠪᠠᠷᠢᠨ ᠠᠭᠤᠯᠠ ᠥᠭᠡᠳᠡ ᠭᠠᠷᠤᠭᠰᠠᠨ᠃ 4 ᠨᠡᠢᠲᠡ ᠴᠢᠭᠤᠯᠭᠠᠨ ᠴᠤᠭᠯᠠᠬᠤ ᠲᠡᠷᠡ ᠡᠳᠦᠷ ᠶᠣᠬᠣᠸᠠ ᠠᠭᠤᠯᠠᠨ ᠳᠡᠭᠡᠷ᠎ᠡ ᠭᠠᠯ ᠤᠨ ᠳᠤᠮᠳᠠ ᠠᠴᠠ ᠲᠠ ᠨᠠᠷ ᠲᠤ ᠲᠤᠩ᠋ᠬᠠᠭᠯᠠᠭᠰᠠᠨ ᠠᠷᠪᠠᠨ ᠬᠠᠤᠯᠢ ᠪᠠᠨ ᠲᠦᠷᠦᠭᠦᠴᠢ ᠶᠢᠨ ᠪᠢᠴᠢᠭᠰᠡᠨ ᠦ ᠠᠳᠠᠯᠢ ᠬᠠᠪᠲᠠᠰᠤ ᠨᠤᠭᠤᠳ ᠳᠡᠭᠡᠷ᠎ᠡ ᠪᠢᠴᠢᠭᠡᠳ᠂ ᠲᠡᠳᠡᠭᠡᠷ ᠢ ᠨᠠᠳᠠ ᠳᠤ ᠥᠭᠭᠥᠭᠰᠡᠨ ᠪᠢᠯᠡ᠃ 5 ᠪᠢ ᠠᠭᠤᠯᠠᠨ ᠠᠴᠠ ᠪᠠᠭᠤᠨ ᠢᠷᠡᠵᠦ ᠲᠡᠷᠡ ᠬᠠᠪᠲᠠᠰᠤ ᠨᠤᠭᠤᠳ ᠢᠶᠠᠨ ᠥᠪᠡᠷ ᠦᠨ ᠢᠶᠠᠨ ᠬᠢᠭᠰᠡᠨ ᠠᠪᠳᠠᠷ᠎ᠠ ᠳᠤ ᠬᠢᠭᠰᠡᠨ ᠪᠥᠭᠡᠳ ᠲᠡᠳᠡᠭᠡᠷ ᠨᠢ ᠣᠳᠣ ᠴᠤ ᠲᠡᠨᠳᠡ ᠪᠠᠢᠨ᠎ᠠ᠃ ᠲᠡᠢᠨ ᠬᠦ ᠶᠣᠬᠣᠸᠠ ᠶᠢᠨ ᠨᠠᠳᠠ ᠳᠤ ᠲᠤᠰᠢᠶᠠᠭᠰᠠᠨ ᠶᠣᠰᠣᠭᠠᠷ ᠪᠣᠯᠵᠠᠢ᠃

6 (ᠢᠰᠷᠧᠯᠴᠦᠳ ᠪᠧᠷᠣᠲ ᠪᠧᠨᠧ ᠶᠠᠺᠠᠨ ᠠᠴᠠ ᠬᠥᠳᠡᠯᠦᠨ ᠮᠣᠰᠧᠷᠠ ᠳᠤ ᠬᠦᠷᠦᠭᠰᠡᠨ ᠪᠢᠯᠡ᠃ ᠠᠷᠣᠨ ᠲᠡᠨᠳᠡ ᠨᠠᠰᠤ ᠪᠠᠷᠠᠵᠤ᠂ ᠲᠡᠨᠳᠡ ᠪᠤᠯᠠᠰᠢᠯᠠᠭᠳᠠᠵᠠᠢ᠃ ᠲᠡᠭᠦᠨ ᠦ ᠬᠦᠦ ᠡᠯᠧᠶᠡᠽᠡᠷ ᠣᠷᠣᠨ ᠳᠤᠨᠢ ᠲᠠᠬᠢᠯᠴᠢ ᠪᠣᠯᠣᠭᠰᠠᠨ ᠪᠠᠢᠨ᠎ᠠ᠃ 7 ᠲᠡᠳᠡ ᠲᠡᠨᠳᠡ ᠡᠴᠡ ᠬᠥᠳᠡᠯᠦᠨ ᠭᠦᠳ᠋ᠭᠣᠳᠠ ᠳᠤ ᠬᠦᠷᠴᠦ᠂ ᠭᠦᠳ᠋ᠭᠣᠳᠠ ᠠᠴᠠ ᠬᠥᠳᠡᠯᠦᠨ᠂ ᠭᠣᠷᠣᠬ᠎ᠠ ᠣᠯᠠᠨ ᠲᠠᠢ ᠶᠣᠲ᠋ᠪᠠᠲ᠋ᠠ ᠳᠤ ᠬᠦᠷᠴᠡᠢ᠃ 8 ᠲᠡᠷᠡ ᠦᠶ᠎ᠡ ᠳᠦ ᠶᠣᠬᠣᠸᠠ ᠯᠧᠸᠢ ᠣᠪᠣᠭ ᠢ ᠲᠤᠰᠠᠭᠠᠷᠯᠠᠵᠤ ᠶᠣᠬᠣᠸᠠ ᠶᠢᠨ ᠭᠡᠷ᠎ᠡ ᠶᠢᠨ ᠠᠪᠳᠠᠷ᠎ᠠ ᠶᠢ ᠵᠥᠭᠡᠭᠡᠬᠦ᠂ ᠶᠣᠬᠣᠸᠠ ᠶᠢᠨ ᠡᠮᠦᠨ᠎ᠡ ᠵᠣᠭᠰᠣᠵᠤ ᠲᠡᠭᠦᠨ ᠳᠦ ᠦᠢᠯᠡᠴᠢᠯᠡᠬᠦ᠂ ᠲᠡᠭᠦᠨ ᠦ ᠨᠡᠷ᠎ᠡ ᠪᠡᠷ ᠢᠷᠥᠭᠡᠬᠦ ᠶᠢ ᠬᠠᠷᠢᠭᠤᠴᠠᠭᠤᠯᠤᠭᠰᠠᠨ ᠢᠶᠠᠷ ᠲᠡᠳᠡ ᠥᠨᠥ ᠬᠦᠷᠲᠡᠯ᠎ᠡ ᠡᠳᠡᠭᠡᠷ ᠢ ᠬᠢᠭᠰᠡᠭᠡᠷ ᠪᠠᠢᠨ᠎ᠠ᠃ 9 ᠲᠡᠢᠮᠦ ᠡᠴᠡ ᠯᠧᠸᠢᠴᠦᠳ ᠠᠬ᠎ᠠ ᠳᠡᠭᠦᠦᠰ ᠦᠨ ᠢᠶᠠᠨ ᠳᠤᠮᠳᠠ ᠬᠤᠪᠢ ᠴᠤ ᠦᠭᠡᠢ᠂ ᠥᠪ ᠴᠤ ᠦᠭᠡᠢ ᠶᠤᠮ᠃ ᠴᠢᠨᠦ ᠪᠤᠷᠬᠠᠨ ᠶᠣᠬᠣᠸᠠ ᠶᠢᠨ ᠲᠡᠳᠡᠨ ᠳᠦ ᠠᠮᠠᠯᠠᠭᠰᠠᠨ ᠶᠣᠰᠣᠭᠠᠷ ᠲᠡᠳᠡᠨ ᠦ ᠥᠪ ᠪᠣᠯ ᠶᠣᠬᠣᠸᠠ ᠪᠢᠯᠡ᠃)

10 ᠪᠢ ᠤᠷᠢᠳᠤ ᠶᠢᠨ ᠠᠳᠠᠯᠢ ᠠᠭᠤᠯᠠᠨ ᠳᠡᠭᠡᠷ᠎ᠡ ᠳᠥᠴᠢᠨ ᠡᠳᠦᠷ ᠳᠥᠴᠢᠨ ᠰᠥᠨᠢ ᠪᠠᠢᠭᠰᠠᠨ᠃ ᠶᠣᠬᠣᠸᠠ ᠲᠡᠷᠡ ᠦᠶ᠎ᠡ ᠳᠦ ᠴᠤ ᠮᠢᠨᠦᠬᠢ ᠶᠢ ᠰᠣᠨᠣᠰᠴᠠᠢ᠃ ᠴᠢᠮᠠᠶᠢ ᠤᠰᠠᠳᠬᠠᠬᠤ ᠨᠢ ᠲᠡᠭᠦᠨ ᠦ ᠬᠦᠰᠡᠯ ᠪᠢᠰᠢ ᠪᠠᠢᠭᠰᠠᠨ᠃ 11 ᠶᠣᠬᠣᠸᠠ ᠨᠠᠳᠠ ᠳᠤ ᠠᠢᠯᠠᠳᠤᠨ᠄ 《ᠴᠢ ᠪᠣᠰᠣᠭᠠᠳ ᠠᠷᠠᠳ ᠲᠦᠮᠡᠨ ᠢ ᠳᠠᠭᠠᠭᠤᠯᠤᠨ ᠠᠶᠠᠨ ᠵᠠᠮ ᠳᠤ ᠭᠠᠷ᠃ ᠲᠡᠳᠡᠨ ᠳᠦ ᠥᠭᠬᠦ ᠪᠡᠷ ᠮᠢᠨᠦ ᠡᠴᠢᠭᠡ ᠡᠪᠦᠭᠡᠳ ᠲᠤᠨᠢ ᠲᠠᠩ᠋ᠭᠠᠷᠢᠭᠯᠠᠭᠰᠠᠨ ᠲᠡᠷᠡ ᠭᠠᠵᠠᠷ ᠲᠤ ᠲᠡᠳᠡ ᠣᠷᠣᠵᠤ ᠲᠡᠭᠦᠨ ᠢ ᠡᠵᠡᠮᠰᠢᠬᠦ ᠪᠣᠯᠣᠨ᠎ᠠ》 ᠭᠡᠰᠡᠨ ᠪᠢᠯᠡ᠃
 ᠪᠤᠷᠬᠠᠨ ᠤ ᠱᠠᠭᠠᠷᠳᠠᠯᠭ᠎ᠠ

12 ᠢᠰᠷᠧᠯ ᠡ︕ ᠴᠢᠨᠦ ᠪᠤᠷᠬᠠᠨ ᠶᠣᠬᠣᠸᠠ ᠴᠢᠮ᠎ᠠ ᠠᠴᠠ ᠶᠠᠭᠤ ᠶᠢ ᠬᠦᠰᠡᠨ᠎ᠡ ᠪᠤᠢ︖ ᠭᠠᠭᠴᠠ ᠬᠦ ᠶᠣᠬᠣᠸᠠ ᠪᠤᠷᠬᠠᠨ ᠠᠴᠠ ᠪᠠᠨ ᠡᠮᠢᠶᠡᠬᠦ᠂ ᠲᠡᠭᠦᠨ ᠦ ᠪᠦᠬᠦ ᠵᠠᠮ ᠢ ᠳᠠᠭᠠᠵᠤ ᠲᠡᠭᠦᠨ ᠢ ᠬᠠᠢᠷᠠᠯᠠᠬᠤ᠂ ᠪᠦᠬᠦ ᠵᠢᠷᠦᠬᠡ᠂ ᠪᠦᠬᠦ ᠰᠡᠳᠬᠢᠯ 7  ᠢᠶᠠᠷ ᠢᠶᠠᠨ ᠶᠣᠬᠣᠸᠠ ᠪᠤᠷᠬᠠᠨ ᠳᠠᠭᠠᠨ ᠦᠢᠯᠡᠴᠢᠯᠡᠬᠦ᠂ 13 ᠮᠥᠨ ᠴᠢᠨᠦ ᠰᠠᠢᠨ ᠰᠠᠢᠬᠠᠨ ᠤ ᠲᠥᠯᠥᠭᠡ ᠥᠨᠥᠳᠥᠷ ᠮᠢᠨᠦ ᠴᠢᠮ᠎ᠠ ᠳᠤ ᠲᠤᠰᠢᠶᠠᠵᠤ ᠪᠤᠢ ᠶᠣᠬᠣᠸᠠ ᠶᠢᠨ ᠲᠤᠰᠢᠶᠠᠯ᠂ ᠲᠣᠭᠲᠠᠭᠠᠯ ᠤᠳ ᠢ ᠰᠠᠬᠢᠬᠤ ᠶᠢ ᠬᠦᠰᠡᠳᠡᠭ ᠪᠢᠰᠢ ᠤᠤ︖ 14 ᠬᠠᠷᠠ᠂ ᠲᠩᠷᠢ ᠬᠢᠭᠡᠳ ᠬᠠᠮᠤᠭ ᠤᠨ ᠳᠡᠭᠡᠳᠦ ᠲᠩᠷᠢ᠂ ᠪᠠᠰᠠ ᠭᠠᠵᠠᠷ ᠳᠡᠯᠡᠬᠡᠢ᠂ ᠲᠡᠭᠦᠨ ᠳᠡᠭᠡᠷ᠎ᠡ ᠪᠠᠢᠭ᠎ᠠ ᠪᠦᠬᠦᠨ ᠴᠢᠨᠦ ᠪᠤᠷᠬᠠᠨ ᠶᠣᠬᠣᠸᠠ ᠶᠢᠨ ᠬᠢ︕ 15 ᠬᠠᠷᠢᠨ ᠶᠣᠬᠣᠸᠠ ᠵᠥᠪᠬᠡᠨ ᠡᠴᠢᠭᠡ ᠡᠪᠦᠭᠡᠳ ᠢ ᠴᠢᠨᠢ ᠲᠠᠭᠠᠰᠢᠶᠠᠨ ᠬᠠᠢᠷᠠᠯᠠᠵᠤ᠂ ᠲᠡᠳᠡᠨ ᠦ ᠳᠠᠷᠠᠭᠠᠬᠢ ᠦᠷ᠎ᠡ ᠤᠳᠤᠮ ᠪᠣᠯᠬᠤ ᠲᠠ ᠨᠠᠷ ᠢ ᠥᠨᠥ ᠦᠶ᠎ᠡ ᠳᠦ ᠬᠠᠮᠤᠭ ᠦᠨᠳᠦᠰᠦᠲᠡᠨ ᠡᠴᠡ ᠰᠢᠯᠢᠵᠦ ᠠᠪᠤᠭᠰᠠᠨ᠃ 16 ᠲᠡᠢᠮᠦ ᠡᠴᠡ ᠲᠠ ᠨᠠᠷ ᠵᠢᠷᠦᠬᠡᠨ ᠦ ᠪᠠᠨ ᠬᠥᠪᠴᠢᠷᠬᠡᠢ ᠶᠢ ᠬᠥᠨᠳᠡᠭᠦᠯ᠂ ᠵᠥᠷᠢᠭᠦᠳ ᠵᠠᠩ ᠭᠠᠷᠭᠠᠬᠤ ᠪᠠᠨ ᠪᠣᠯᠢ᠃ 17 ᠴᠢᠨᠦ ᠪᠤᠷᠬᠠᠨ ᠶᠣᠬᠣᠸᠠ ᠪᠣᠯ ᠪᠤᠷᠬᠠᠳ ᠤᠨ ᠪᠤᠷᠬᠠᠨ᠂ ᠡᠵᠡᠳ ᠦᠨ ᠡᠵᠡᠨ᠂ ᠮᠥᠨ ᠠᠤᠭ᠎ᠠ᠂ ᠬᠦᠴᠦᠷᠬᠡᠭ᠂ ᠠᠶᠤᠮᠰᠢᠭᠲᠠᠢ ᠪᠥᠭᠡᠳ ᠬᠥᠮᠦᠨ ᠢ ᠠᠯᠠᠭᠴᠢᠯᠠᠳᠠᠭ ᠦᠭᠡᠢ᠂ ᠬᠡᠭᠡᠯᠢ ᠬᠠᠬᠤᠤᠯᠢ ᠴᠤ ᠠᠪᠳᠠᠭ ᠦᠭᠡᠢ᠂ 18 ᠬᠠᠷᠢᠨ ᠥᠨᠥᠴᠢᠨ ᠬᠡᠦᠬᠡᠳ᠂ ᠪᠡᠯᠪᠡᠰᠦᠨ ᠡᠮᠡᠭᠲᠡᠢ ᠳᠦ ᠭᠣᠣᠯᠴᠢ ᠪᠠᠷ ᠬᠠᠨᠳᠤᠨ᠂ ᠬᠠᠷᠢ ᠶᠢᠨ ᠬᠥᠮᠦᠨ ᠢ ᠬᠠᠢᠷᠠᠯᠠᠨ᠂ ᠬᠣᠭᠣᠯᠠ ᠬᠦᠨᠡᠰᠦ᠂ ᠬᠤᠪᠴᠠᠰᠤ ᠬᠤᠨᠠᠷ ᠥᠭᠭᠥᠭᠴᠢ ᠪᠤᠷᠬᠠᠨ ᠪᠢᠯᠡ᠃ 19 ᠲᠠ ᠨᠠᠷ ᠬᠠᠷᠢ ᠶᠢᠨ ᠬᠥᠮᠦᠨ ᠢ ᠬᠠᠢᠷᠠᠯᠠ᠃ ᠲᠠ ᠨᠠᠷ ᠴᠤ ᠶᠧᠵᠢᠫᠲ ᠲᠤ ᠬᠠᠷᠢ ᠶᠢᠨ ᠬᠥᠮᠦᠨ ᠪᠠᠢᠭᠰᠠᠨ᠃ 20 ᠴᠢ ᠶᠣᠬᠣᠸᠠ ᠪᠤᠷᠬᠠᠨ ᠠᠴᠠ ᠪᠠᠨ ᠯᠠ ᠡᠮᠢᠶᠡᠵᠦ᠂ ᠲᠡᠭᠦᠨ ᠳᠦ ᠦᠢᠯᠡᠴᠢᠯᠡ᠂ ᠲᠡᠭᠦᠨ ᠡᠴᠡ ᠵᠢᠭᠤᠷᠠᠨ ᠲᠡᠭᠦᠨ ᠦ ᠨᠡᠷ᠎ᠡ ᠪᠡᠷ ᠲᠠᠩ᠋ᠭᠠᠷᠢᠭᠯᠠ᠃ 21 ᠴᠢᠨᠦ ᠮᠠᠭᠲᠠᠭᠠᠯ ᠪᠣᠯ ᠲᠡᠷᠡ᠂ ᠴᠢᠨᠦ ᠪᠤᠷᠬᠠᠨ ᠪᠣᠯ ᠲᠡᠷᠡ᠃ ᠴᠢᠨᠦ ᠨᠢᠳᠦ ᠪᠡᠷ ᠢᠶᠠᠨ ᠬᠠᠷᠠᠭᠰᠠᠨ ᠠᠭᠤᠤ ᠶᠡᠬᠡ᠂ ᠠᠶᠤᠮᠰᠢᠭᠲᠤ ᠵᠦᠢᠯᠡᠰ ᠢ ᠲᠡᠷᠡ ᠴᠢᠨᠦ ᠲᠥᠯᠥᠭᠡ ᠦᠢᠯᠡᠳᠦᠭᠰᠡᠨ᠃ 22 ᠶᠧᠵᠢᠫᠲ ᠲᠤ ᠬᠦᠷᠴᠦ ᠣᠴᠢᠭᠰᠠᠨ ᠴᠢᠨᠦ ᠡᠴᠢᠭᠡ ᠡᠪᠦᠭᠡᠳ ᠳᠠᠯᠠᠨ ᠬᠥᠮᠦᠨ ᠪᠠᠢᠭᠰᠠᠨ ᠪᠣᠯ᠂ ᠴᠢᠨᠦ ᠪᠤᠷᠬᠠᠨ ᠶᠣᠬᠣᠸᠠ ᠣᠳᠣ ᠴᠢᠮᠠᠶᠢ ᠲᠩᠷᠢ ᠶᠢᠨ ᠣᠳᠣᠳ ᠮᠡᠲᠦ ᠣᠯᠠᠨ ᠪᠣᠯᠭᠠᠵᠠᠢ᠃