ᠳᠡᠳ᠋ ᠬᠠᠤᠯᠢ ᠬᠣᠷᠢ
ᠪᠠᠢᠯᠳᠤᠭᠠᠨ ᠤ ᠶᠣᠰᠣ ᠵᠢᠷᠤᠮ
1 ᠴᠢ ᠳᠠᠢᠰᠤᠨ ᠲᠠᠢ ᠪᠠᠨ ᠲᠤᠯᠤᠯᠳᠤᠬᠤ ᠪᠠᠷ ᠭᠠᠷᠬᠤ ᠳᠠᠭᠠᠨ ᠮᠣᠷᠢᠳ᠂ ᠵᠡᠪᠰᠡᠭᠲᠦ ᠲᠡᠷᠭᠡ ᠪᠣᠯᠣᠨ ᠥᠪᠡᠷ ᠦᠨ ᠬᠢᠨ ᠡᠴᠡ ᠪᠡᠨ ᠢᠯᠡᠭᠦᠦ ᠣᠯᠠᠨ ᠳᠠᠢᠴᠢᠨ ᠢ ᠬᠠᠷᠠᠭᠰᠠᠨ ᠴᠤ ᠲᠡᠳᠡᠨ ᠡᠴᠡ ᠪᠦᠦ ᠠᠶᠤ᠃ ᠴᠢᠮᠠᠶᠢ ᠶᠧᠵᠢᠫᠲ ᠨᠤᠲᠤᠭ ᠠᠴᠠ ᠲᠠᠲᠠᠵᠤ ᠭᠠᠷᠭᠠᠭᠰᠠᠨ ᠴᠢᠨᠦ ᠪᠤᠷᠬᠠᠨ ᠶᠣᠬᠣᠸᠠ ᠴᠢᠮ᠎ᠠ ᠲᠠᠢ ᠬᠠᠮᠲᠤ ᠪᠠᠢᠨ᠎ᠠ᠃ 2 ᠲᠠ ᠨᠠᠷ ᠲᠤᠯᠤᠯᠳᠤᠭᠠᠨ ᠤ ᠭᠠᠵᠠᠷ ᠣᠢᠷᠠᠲᠤᠨ ᠣᠴᠢᠪᠠᠯ ᠲᠠᠬᠢᠯᠴᠢ ᠳᠥᠭᠥᠨ ᠢᠷᠡᠵᠦ᠂ ᠳᠠᠢᠴᠢᠳ ᠲᠤ ᠦᠭᠡ ᠬᠡᠯᠡᠬᠦ ᠶᠣᠰᠣᠲᠠᠢ᠃ 3 ᠲᠡᠷᠡ ᠪᠡᠷ᠄ 《ᠰᠣᠨᠣᠰ︕ ᠢᠰᠷᠧᠯ ᠡ᠂ ᠥᠨᠥᠳᠥᠷ ᠲᠠ ᠨᠠᠷ ᠳᠠᠢᠰᠤᠨ ᠲᠠᠢ ᠪᠠᠨ ᠲᠤᠯᠤᠯᠳᠤᠬᠤ ᠪᠠᠷ ᠬᠦᠷᠴᠦ ᠢᠷᠡᠭᠡᠳ ᠪᠠᠢᠨ᠎ᠠ᠃ ᠪᠦᠦ ᠵᠢᠷᠦᠬᠡ ᠠᠯᠲᠠ᠂ ᠲᠡᠳᠡᠨ ᠡᠴᠡ ᠪᠦᠦ ᠠᠶᠤ᠂ ᠪᠦᠦ ᠰᠠᠨᠳᠤᠷ᠂ ᠪᠦᠦ ᠴᠡᠴᠡᠷᠡ︕ 4 ᠲᠠᠨ ᠤ ᠪᠤᠷᠬᠠᠨ ᠶᠣᠬᠣᠸᠠ ᠲᠠ ᠨᠠᠷ ᠲᠠᠢ ᠬᠠᠮᠲᠤ ᠶᠠᠪᠤᠵᠤ ᠪᠠᠢᠨ᠎ᠠ︕ ᠲᠡᠷᠡ ᠲᠠ ᠨᠠᠷ ᠤᠨ ᠡᠮᠦᠨ᠎ᠡ ᠡᠴᠡ ᠳᠠᠢᠰᠤᠨ ᠨᠤᠭᠤᠳ ᠲᠠᠢ ᠴᠢᠨᠢ ᠪᠠᠢᠯᠳᠤᠵᠤ᠂ ᠲᠠ ᠨᠠᠷ ᠢ ᠠᠪᠤᠷᠠᠨ᠎ᠠ》 ᠭᠡᠵᠦ ᠬᠡᠯᠡ᠃ 5 ᠳᠠᠭᠠᠭᠠᠮᠠᠯ ᠤᠳ ᠨᠢ ᠳᠠᠢᠴᠢᠳ ᠲᠤ᠄ 《ᠰᠢᠨ᠎ᠡ ᠪᠠᠢᠰᠢᠩ ᠪᠠᠷᠢᠭᠠᠳ ᠵᠣᠷᠢᠭᠤᠯᠤᠯᠲᠠ ᠬᠢᠭᠡ ᠦᠭᠡᠢ ᠬᠥᠮᠦᠨ ᠪᠠᠢᠨ᠎ᠠ ᠤᠤ︖ ᠲᠡᠷᠡ ᠬᠥᠮᠦᠨ ᠭᠡᠷ ᠤᠷᠤᠭᠤ ᠪᠠᠨ ᠪᠤᠴᠠ᠃ ᠲᠡᠷᠡ ᠪᠡᠷ ᠳᠠᠢᠨ ᠳᠤ ᠨᠠᠰᠤ ᠪᠠᠷᠠᠵᠤ᠂ ᠥᠭᠡᠷ᠎ᠡ ᠬᠥᠮᠦᠨ ᠪᠠᠢᠰᠢᠩ ᠢ ᠨᠢ ᠠᠰᠢᠭᠯᠠᠬᠤ ᠪᠤᠢ᠃ 6 ᠦᠵᠦᠮ ᠦᠨ ᠴᠡᠴᠡᠷᠯᠢᠭ ᠪᠠᠢᠭᠤᠯᠤᠭᠠᠳ ᠦᠷ᠎ᠡ ᠵᠢᠮᠢᠰ ᠡᠴᠡ ᠪᠡᠨ ᠠᠮᠰᠠᠭ᠎ᠠ ᠦᠭᠡᠢ ᠬᠥᠮᠦᠨ ᠪᠠᠢᠨ᠎ᠠ ᠤᠤ︖ ᠲᠡᠷᠡ ᠬᠥᠮᠦᠨ ᠭᠡᠷ ᠤᠷᠤᠭᠤ ᠪᠠᠨ ᠪᠤᠴᠠ᠃ ᠲᠡᠷᠡ ᠪᠡᠷ ᠳᠠᠢᠨ ᠳᠤ ᠨᠠᠰᠤ ᠪᠠᠷᠠᠵᠤ᠂ ᠥᠭᠡᠷ᠎ᠡ ᠬᠥᠮᠦᠨ ᠦᠷ᠎ᠡ ᠵᠢᠮᠢᠰ ᠢ ᠨᠢ ᠢᠳᠡᠬᠦ ᠪᠤᠢ᠃ 7 ᠪᠦᠰᠡᠭᠦᠢ ᠬᠥᠮᠦᠨ ᠲᠡᠢ ᠰᠦᠢ ᠲᠠᠯᠪᠢᠭᠰᠠᠨ ᠪᠣᠯᠪᠠᠴᠤ ᠭᠡᠷᠯᠡᠵᠦ ᠠᠮᠵᠢᠭ᠎ᠠ ᠦᠭᠡᠢ ᠬᠥᠮᠦᠨ ᠪᠠᠢᠨ᠎ᠠ ᠤᠤ︖ ᠲᠡᠷᠡ ᠬᠥᠮᠦᠨ ᠭᠡᠷ ᠤᠷᠤᠭᠤ ᠪᠠᠨ ᠪᠤᠴᠠ᠃ ᠲᠡᠷᠡ ᠪᠡᠷ ᠳᠠᠢᠨ ᠳᠤ ᠨᠠᠰᠤ ᠪᠠᠷᠠᠵᠤ᠂ ᠥᠭᠡᠷ᠎ᠡ ᠡᠷ᠎ᠡ ᠲᠡᠷᠡ ᠪᠦᠰᠡᠭᠦᠢ ᠲᠡᠢ ᠭᠡᠷᠯᠡᠬᠦ ᠪᠤᠢ》 ᠭᠡᠳ᠂ 8 ᠳᠠᠭᠠᠭᠠᠮᠠᠯ ᠤᠳ ᠨᠢ ᠴᠠᠰᠢ ᠵᠠᠯᠭᠠᠨ ᠳᠠᠢᠴᠢᠳ ᠲᠠᠭᠠᠨ᠄ 《ᠠᠶᠤᠮᠠᠬᠠᠢ᠂ ᠵᠢᠷᠦᠬᠡ ᠠᠯᠳᠠᠭᠰᠠᠨ ᠬᠥᠮᠦᠨ ᠪᠠᠢᠨ᠎ᠠ ᠤᠤ︖ ᠲᠡᠷᠡ ᠬᠥᠮᠦᠨ ᠭᠡᠷ ᠤᠷᠤᠭᠤ ᠪᠠᠨ ᠪᠤᠴᠠ᠃ ᠲᠡᠷᠡ ᠪᠡᠷ ᠵᠢᠷᠦᠬᠡ ᠮᠣᠬᠣᠭᠰᠠᠨ ᠰᠢᠭ᠋ ᠢᠶᠠᠨ ᠠᠬ᠎ᠠ ᠳᠡᠭᠦᠦ ᠨᠠᠷ ᠤᠨ ᠢᠶᠠᠨ ᠵᠢᠷᠦᠬᠡ ᠶᠢ ᠮᠣᠬᠣᠭᠠᠬᠤ ᠪᠤᠢ》 ᠭᠡᠵᠦ ᠬᠡᠯᠡ᠃ 9 ᠳᠠᠭᠠᠭᠠᠮᠠᠯ ᠤᠳ ᠨᠢ ᠳᠠᠢᠴᠢᠳ ᠲᠤ ᠶᠠᠷᠢᠵᠤ ᠳᠠᠭᠤᠰᠤᠭᠠᠳ᠂ ᠳᠠᠢᠴᠢᠳ ᠢ ᠲᠣᠯᠣᠭᠠᠢᠯᠠᠬᠤ ᠴᠡᠷᠢᠭ ᠤᠨ ᠳᠠᠷᠤᠭ᠎ᠠ ᠨᠠᠷ ᠢ ᠲᠣᠮᠢᠯᠠᠬᠤ ᠪᠣᠯᠣᠨ᠎ᠠ᠃
10 ᠴᠢ ᠠᠯᠢ ᠨᠢᠭᠡ ᠬᠣᠲᠠ ᠶᠢ ᠳᠠᠭᠠᠷᠢᠨ ᠡᠵᠡᠯᠡᠬᠦ ᠪᠡᠷ ᠲᠡᠰᠢ ᠣᠢᠷᠠᠲᠤᠨ ᠣᠴᠢᠬᠤ ᠦᠶ᠎ᠡ ᠳᠡᠭᠡᠨ᠂ ᠲᠡᠷᠡ ᠬᠣᠲᠠ ᠶᠢᠨ ᠬᠢᠨ ᠳᠤ ᠨᠠᠢᠷᠠᠮᠳᠠᠬᠤ ᠰᠠᠨᠠᠯ ᠳᠡᠪᠰᠢᠭᠦᠯ᠃ 11 ᠬᠡᠷᠪᠡ ᠲᠡᠷᠡ ᠬᠣᠲᠠ ᠶᠢᠨ ᠬᠢᠨ ᠴᠢᠮ᠎ᠠ ᠳᠤ ᠨᠠᠢᠷᠠᠮᠳᠠᠬᠤ ᠬᠠᠷᠢᠭᠤ ᠥᠭᠴᠦ ᠬᠠᠭᠠᠯᠭ᠎ᠠ ᠪᠠᠨ ᠴᠢᠮ᠎ᠠ ᠳᠤ ᠨᠡᠭᠡᠭᠡᠵᠦ ᠥᠭᠪᠡᠯ᠂ ᠲᠡᠷᠡ ᠬᠣᠲᠠ ᠳᠤ ᠣᠯᠳᠠᠬᠤ ᠬᠥᠮᠦᠨ ᠪᠦᠬᠦᠨ ᠴᠢᠮ᠎ᠠ ᠳᠤ ᠠᠯᠪᠠᠲᠤ ᠪᠣᠯᠣᠨ᠎ᠠ᠃ 12 ᠬᠡᠷᠪᠡ ᠲᠡᠷᠡ ᠬᠣᠲᠠ ᠶᠢᠨ ᠬᠢᠨ ᠴᠢᠮ᠎ᠠ ᠲᠠᠢ ᠨᠠᠢᠷᠠᠮᠳᠠᠯ ᠲᠣᠭᠲᠠᠭᠠᠬᠤ ᠦᠭᠡᠢ᠂ ᠴᠢᠮᠠᠶᠢ ᠡᠰᠡᠷᠭᠦᠴᠡᠨ ᠪᠠᠢᠯᠳᠤᠬᠤ ᠭᠡᠪᠡᠯ᠂ ᠴᠢ ᠲᠡᠷᠡ ᠬᠣᠲᠠ ᠶᠢ ᠪᠦᠰᠡᠯᠡᠭᠲᠦᠨ᠃ 13 ᠴᠢᠨᠦ ᠪᠤᠷᠬᠠᠨ ᠶᠣᠬᠣᠸᠠ ᠲᠡᠷᠡ ᠬᠣᠲᠠ ᠶᠢ ᠴᠢᠨᠦ ᠭᠠᠷ ᠲᠤ ᠲᠤᠰᠢᠶᠠᠬᠤ ᠪᠣᠯᠣᠨ᠎ᠠ᠃ ᠴᠢ ᠲᠡᠨᠳᠡᠬᠢ ᠶᠢᠨ ᠪᠦᠬᠦ ᠡᠷᠡᠴᠦᠳ ᠢ ᠢᠯᠳᠦᠨ ᠦ ᠢᠷ ᠢᠶᠠᠷ ᠴᠣᠬᠢ᠃ 14 ᠬᠠᠷᠢᠨ ᠴᠢ ᠡᠮᠡᠭᠲᠡᠢᠴᠦᠳ᠂ ᠬᠡᠦᠬᠡᠳ ᠤᠳ᠂ ᠮᠠᠯ ᠰᠦᠷᠦᠭ ᠪᠣᠯᠣᠨ ᠬᠣᠲᠠ ᠶᠢᠨ ᠪᠦᠬᠦ ᠡᠳ᠋ ᠵᠦᠢᠯ ᠢ ᠣᠯᠵᠠ ᠪᠣᠯᠭᠠᠨ ᠥᠪᠡᠷ ᠲᠡᠭᠡᠨ ᠠᠪᠴᠤ ᠪᠣᠯᠣᠨ᠎ᠠ᠃ ᠴᠢ ᠳᠠᠢᠰᠤᠨ ᠠᠴᠠ ᠪᠠᠨ ᠣᠯᠵᠠᠯᠠᠭᠰᠠᠨ ᠢᠶᠠᠨ ᠡᠳ᠋ᠯᠡᠵᠦ ᠬᠡᠷᠡᠭᠯᠡ᠃ ᠡᠳᠡᠭᠡᠷ ᠢ ᠴᠢᠨᠦ ᠪᠤᠷᠬᠠᠨ ᠶᠣᠬᠣᠸᠠ ᠴᠢᠮ᠎ᠠ ᠳᠤ ᠥᠭᠭᠥᠭᠰᠡᠨ᠃ 15 ᠲᠠᠨ ᠤ ᠲᠡᠨᠳᠡ ᠡᠴᠡ ᠠᠯᠤᠰ ᠬᠣᠯᠠ ᠪᠠᠢᠭ᠎ᠠ ᠬᠣᠲᠠ ᠨᠤᠭᠤᠳ᠂ ᠲᠤᠬᠠᠢᠯᠠᠪᠠᠯ ᠣᠷᠴᠢᠨ ᠲᠣᠭᠣᠷᠢᠨ ᠳᠤ ᠴᠢᠨᠢ ᠪᠠᠢᠭ᠎ᠠ ᠦᠨᠳᠦᠰᠦᠲᠡᠨ ᠨᠦᠭᠦᠳ ᠦᠨ ᠬᠢ ᠪᠢᠰᠢ ᠬᠣᠲᠠ ᠨᠤᠭᠤᠳ ᠲᠤ ᠴᠢ ᠲᠡᠢᠨ ᠬᠦ ᠦᠢᠯᠡᠳᠬᠦ ᠪᠣᠯᠪᠠᠴᠤ 16 ᠴᠢᠨᠦ ᠪᠤᠷᠬᠠᠨ ᠶᠣᠬᠣᠸᠠ ᠶᠢᠨ ᠴᠢᠮ᠎ᠠ ᠳᠤ ᠥᠪ ᠪᠣᠯᠭᠠᠨ ᠥᠭᠬᠦ ᠦᠨᠳᠦᠰᠦᠲᠡᠨ ᠨᠦᠭᠦᠳ ᠦᠨ ᠬᠣᠲᠠ ᠨᠤᠭᠤᠳ ᠤᠨ ᠬᠤᠪᠢ ᠳᠤ ᠠᠮᠢ ᠠᠮᠢᠰᠬᠤᠯ ᠲᠠᠢ ᠶᠠᠭᠤ ᠶᠢ ᠴᠤ ᠪᠦᠦ ᠦᠯᠡᠳᠡᠭᠡ᠃ 17 ᠬᠠᠷᠢᠨ ᠴᠢ ᠶᠣᠬᠣᠸᠠ ᠪᠤᠷᠬᠠᠨ ᠤ ᠪᠠᠨ ᠲᠤᠰᠢᠶᠠᠭᠰᠠᠨ ᠶᠣᠰᠣᠭᠠᠷ ᠾᠢᠲ᠋ᠴᠦᠳ᠂ ᠠᠮᠣᠷᠢᠴᠤᠳ᠂ ᠺᠠᠨᠠᠨᠴᠤᠳ᠂ ᠫᠧᠷᠢᠽᠴᠦᠳ᠂ ᠾᠢᠸᠢᠴᠦᠳ᠂ ᠶᠧᠪᠦ᠋ᠰᠴᠦᠳ ᠢ ᠵᠠᠪᠠᠯ ᠬᠦᠢᠰᠦ ᠲᠡᠮᠲᠡᠷᠢ᠃ 18 ᠡᠰᠡ ᠲᠡᠭᠡᠪᠡᠯ ᠲᠡᠳᠡ ᠪᠤᠷᠬᠠᠳ ᠲᠠᠭᠠᠨ ᠮᠥᠷᠭᠥᠬᠦ ᠳᠡᠭᠡᠨ ᠦᠢᠯᠡᠳᠳᠡᠭ ᠵᠢᠭᠰᠢᠭᠦᠷᠢᠲᠦ ᠪᠦᠬᠦᠨ ᠢᠶᠡᠨ ᠲᠠ ᠨᠠᠷ ᠲᠤ ᠰᠤᠷᠭᠠᠵᠤ᠂ ᠲᠠ ᠨᠠᠷ ᠢᠶᠠᠷ ᠶᠣᠬᠣᠸᠠ ᠪᠤᠷᠬᠠᠨ ᠳᠤ ᠴᠢᠨᠢ ᠨᠢᠭᠦᠯ ᠦᠢᠯᠡᠳᠦᠭᠦᠯᠬᠦ ᠪᠣᠯᠣᠨ᠎ᠠ᠃
19 ᠴᠢ ᠠᠯᠢ ᠨᠢᠭᠡ ᠬᠣᠲᠠ ᠶᠢ ᠡᠵᠡᠯᠡᠬᠦ ᠪᠡᠷ ᠳᠠᠢᠲᠤᠨ ᠤᠳᠠᠭᠠᠨ ᠬᠤᠭᠤᠴᠠᠭ᠎ᠠ ᠪᠠᠷ ᠪᠦᠰᠡᠯᠡᠬᠦ ᠦᠶ᠎ᠡ ᠳᠦ᠂ ᠲᠡᠨᠳᠡᠬᠢ ᠶᠢᠨ ᠮᠣᠳᠣᠳ ᠢ ᠰᠦᠬᠡ ᠪᠡᠷ ᠴᠠᠪᠴᠢᠨ ᠰᠦᠢᠳᠬᠡᠵᠦ ᠪᠣᠯᠬᠤ ᠦᠭᠡᠢ᠃ ᠲᠡᠷᠡ ᠮᠣᠳᠣᠳ ᠤᠨ ᠵᠢᠮᠢᠰ ᠡᠴᠡ ᠢᠳᠡᠵᠦ ᠪᠣᠯᠬᠤ ᠤᠴᠢᠷ ᠡᠳᠡᠭᠡᠷ ᠢ ᠪᠦᠰᠡᠯᠡᠯᠲᠡ ᠳᠦ ᠠᠰᠢᠭᠯᠠᠬᠤ ᠶᠢᠨ ᠲᠤᠯᠠᠳᠠ ᠴᠠᠪᠴᠢᠨ ᠤᠨᠠᠭᠠᠵᠤ ᠪᠣᠯᠬᠤ ᠦᠭᠡᠢ᠃ ᠬᠡᠭᠡᠷ᠎ᠡ ᠶᠢᠨ ᠮᠣᠳᠣᠨ ᠤ ᠵᠢᠮᠢᠰ ᠨᠢ ᠬᠥᠮᠦᠨ ᠦ ᠬᠦᠨᠡᠰᠦ ᠪᠣᠯᠳᠠᠭ ᠤᠴᠢᠷ ᠲᠡᠭᠦᠨ ᠢ ᠴᠠᠪᠴᠢᠵᠤ ᠶᠠᠭᠠᠬᠢᠬᠤ ᠪᠤᠢ︖ 20 ᠬᠠᠷᠢᠨ ᠢᠳᠡᠵᠦ ᠪᠣᠯᠬᠤ ᠵᠢᠮᠢᠰ ᠪᠠᠢᠬᠤ ᠦᠭᠡᠢ ᠭᠡᠵᠦ ᠮᠡᠳᠡᠭᠰᠡᠨ ᠮᠣᠳᠣᠳ ᠢ ᠨᠢ ᠴᠠᠪᠴᠢᠨ ᠠᠪᠴᠤ᠂ ᠲᠡᠭᠦᠨ ᠢ ᠲᠠ ᠨᠠᠷ ᠲᠠᠢ ᠪᠠᠢᠯᠳᠤᠵᠤ ᠪᠠᠢᠭ᠎ᠠ ᠲᠡᠷᠡ ᠬᠣᠲᠠ ᠶᠢ ᠨᠤᠷᠠᠭᠠᠬᠤ ᠬᠦᠷᠲᠡᠯ᠎ᠡ ᠪᠦᠰᠡᠯᠡᠬᠦ ᠪᠡᠬᠢᠯᠡᠯᠲᠡ ᠪᠠᠷᠢᠬᠤ ᠳᠤ ᠠᠰᠢᠭᠯᠠᠵᠤ ᠪᠣᠯᠣᠨ᠎ᠠ᠃