1 2 3 4 5 6 7 8 9 10 11 12 13 14 15 16 17 18 19 20 21 22 23 24 25 26 27 28 29 30 31 32 33 34


ᠳᠡᠳ᠋ ᠬᠠᠤᠯᠢ ᠳᠥᠷᠪᠡ
 ᠳᠤᠭᠤᠯᠭᠠᠪᠤᠷᠢᠲᠠᠢ ᠪᠠᠢᠬᠤ ᠶᠢ ᠲᠤᠰᠢᠶᠠᠪᠠ

1 ᠢᠰᠷᠧᠯ ᠡ︕ ᠣᠳᠣ ᠴᠢ ᠮᠢᠨᠦ ᠰᠤᠷᠭᠠᠵᠤ ᠪᠤᠢ ᠬᠠᠤᠯᠢ ᠵᠢᠭᠠᠪᠤᠷᠢ ᠶᠢ ᠰᠣᠨᠣᠰᠴᠤ ᠪᠡᠶᠡᠯᠡᠭᠦᠯ᠃ ᠲᠡᠭᠡᠪᠡᠯ ᠲᠠ ᠨᠠᠷ ᠠᠮᠢᠳᠤ ᠪᠠᠢᠵᠤ᠂ ᠡᠴᠢᠭᠡ ᠡᠪᠦᠭᠡᠳ ᠦᠨ ᠴᠢᠨᠢ ᠪᠤᠷᠬᠠᠨ ᠶᠣᠬᠣᠸᠠ ᠶᠢᠨ ᠥᠭᠬᠦ ᠭᠡᠵᠦ ᠪᠤᠢ ᠲᠡᠷᠡ ᠭᠠᠵᠠᠷ ᠲᠤ ᠣᠷᠣᠵᠤ ᠲᠡᠭᠦᠨ ᠢ ᠡᠵᠡᠮᠰᠢᠬᠦ ᠪᠣᠯᠣᠨ᠎ᠠ᠃ 2 ᠮᠢᠨᠦ ᠥᠭᠴᠦ ᠪᠤᠢ ᠲᠤᠰᠢᠶᠠᠯ ᠳᠤ ᠦᠭᠡ ᠨᠡᠮᠡᠵᠦ ᠪᠣᠯᠬᠤ ᠦᠭᠡᠢ᠂ ᠬᠠᠰᠤᠵᠤ ᠪᠣᠯᠬᠤ ᠦᠭᠡᠢ᠃ ᠬᠠᠷᠢᠨ ᠮᠢᠨᠦ ᠥᠭᠴᠦ ᠪᠤᠢ ᠶᠣᠬᠣᠸᠠ ᠪᠤᠷᠬᠠᠨ ᠤ ᠪᠠᠨ ᠲᠤᠰᠢᠶᠠᠯ ᠢ ᠪᠡᠶᠡᠯᠡᠭᠦᠯ᠃ 3 ᠪᠠᠯ ᠫᠧᠶᠣᠷ ᠲᠤ ᠶᠣᠬᠣᠸᠠ ᠶᠢᠨ ᠶᠠᠭᠤ ᠬᠢᠭᠰᠡᠨ ᠢ ᠲᠠ ᠨᠠᠷ ᠨᠢᠳᠦ ᠪᠡᠷ ᠢᠶᠠᠨ ᠬᠠᠷᠠᠯ᠎ᠠ᠃ ᠲᠠᠨ ᠤ ᠪᠤᠷᠬᠠᠨ ᠶᠣᠬᠣᠸᠠ ᠲᠠ ᠨᠠᠷ ᠤᠨ ᠳᠤᠮᠳᠠ ᠠᠴᠠ ᠫᠧᠶᠣᠷ ᠤᠨ ᠪᠠᠯ ᠢ ᠳᠠᠭᠠᠭᠰᠠᠨ ᠪᠦᠬᠦ ᠬᠥᠮᠦᠨ ᠢ ᠤᠰᠠᠳᠬᠠᠭᠰᠠᠨ ᠪᠢᠯᠡ᠃ 4 ᠬᠠᠷᠢᠨ ᠶᠣᠬᠣᠸᠠ ᠪᠤᠷᠬᠠᠨ ᠠᠴᠠ ᠪᠠᠨ ᠵᠢᠭᠤᠷᠠᠵᠤ ᠪᠠᠢᠭᠰᠠᠨ ᠲᠠ ᠪᠦᠬᠦᠨ ᠥᠨᠥᠳᠥᠷ ᠠᠮᠢᠳᠤ ᠪᠠᠢᠨ᠎ᠠ᠃

5 ᠬᠠᠷᠠ᠂ ᠶᠣᠬᠣᠸᠠ ᠪᠤᠷᠬᠠᠨ ᠤ ᠪᠠᠨ ᠥᠪᠡᠷ ᠲᠦ ᠮᠢᠨᠢ ᠲᠤᠰᠢᠶᠠᠭᠰᠠᠨ ᠶᠣᠰᠣᠭᠠᠷ ᠪᠢ ᠲᠠ ᠨᠠᠷ ᠲᠤ ᠬᠠᠤᠯᠢ ᠵᠢᠭᠠᠪᠤᠷᠢ ᠶᠢ ᠰᠤᠷᠭᠠᠭᠰᠠᠨ︕ ᠲᠠ ᠨᠠᠷ ᠤᠨ ᠣᠴᠢᠵᠤ ᠡᠵᠡᠮᠰᠢᠬᠦ ᠲᠡᠷᠡ ᠭᠠᠵᠠᠷ ᠲᠤ ᠲᠠ ᠨᠠᠷ ᠲᠡᠢᠨ ᠬᠦ ᠪᠡᠶᠡᠯᠡᠭᠦᠯᠬᠦ ᠪᠣᠯᠲᠤᠭᠠᠢ᠃ 6 ᠲᠠ ᠨᠠᠷ ᠡᠳᠡᠭᠡᠷ ᠢ ᠰᠠᠬᠢᠵᠤ᠂ ᠪᠡᠶᠡᠯᠡᠭᠦᠯ᠃ ᠲᠡᠭᠡᠪᠡᠯ ᠲᠠ ᠨᠠᠷ ᠤᠨ ᠮᠡᠷᠭᠡᠨ ᠤᠬᠠᠭᠠᠨ᠂ ᠲᠠ ᠨᠠᠷ ᠤᠨ ᠣᠶᠤᠨ ᠪᠢᠯᠢᠭ ᠦᠨᠳᠦᠰᠦᠲᠡᠨ ᠨᠦᠭᠦᠳ ᠦᠨ ᠨᠢᠳᠦᠨ ᠦ ᠡᠮᠦᠨ᠎ᠡ ᠢᠯᠡ ᠪᠣᠯᠣᠨ᠎ᠠ᠃ ᠲᠡᠳᠡ ᠡᠳᠡᠭᠡᠷ ᠲᠣᠭᠲᠠᠭᠠᠯ ᠢ ᠰᠣᠨᠣᠰᠣᠭᠠᠳ᠄ 〈ᠡᠨᠡ ᠶᠡᠬᠡ ᠦᠨᠳᠦᠰᠦᠲᠡᠨ ᠦᠨᠡᠬᠡᠷ ᠮᠡᠷᠭᠡᠨ ᠤᠬᠠᠭᠠᠨ ᠲᠠᠢ᠂ ᠣᠶᠤᠨ ᠪᠢᠯᠢᠭ ᠲᠠᠢ ᠬᠥᠮᠦᠰ ᠪᠠᠢᠨ᠎ᠠ〉 ᠭᠡᠯᠴᠡᠬᠦ ᠪᠣᠯᠣᠨ᠎ᠠ᠃ 7 ᠳᠠᠭᠠᠳᠬᠠᠬᠤ ᠪᠣᠯᠭᠠᠨ ᠳᠤ ᠮᠢᠨᠢ ᠪᠢᠳᠡᠨ ᠦ ᠣᠢᠷ᠎ᠠ ᠪᠠᠢᠳᠠᠭ ᠪᠢᠳᠡᠨ ᠦ ᠪᠤᠷᠬᠠᠨ ᠶᠣᠬᠣᠸᠠ ᠮᠡᠲᠦ ᠲᠡᠢᠮᠦ ᠪᠤᠷᠬᠠᠨ ᠲᠠᠢ ᠠᠭᠤᠤ ᠦᠨᠳᠦᠰᠦᠲᠡᠨ ᠥᠭᠡᠷ᠎ᠡ ᠬᠠᠮᠢᠭ᠎ᠠ ᠪᠠᠢᠨ᠎ᠠ ᠪᠤᠢ︖ 8 ᠥᠨᠥᠳᠥᠷ ᠮᠢᠨᠦ ᠲᠠ ᠨᠠᠷ ᠲᠤ ᠥᠭᠴᠦ ᠪᠤᠢ ᠡᠨᠡ ᠬᠠᠤᠯᠢ ᠶᠢᠨ ᠠᠳᠠᠯᠢ ᠭᠣᠣᠯᠴᠢ ᠬᠠᠤᠯᠢ ᠵᠢᠭᠠᠪᠤᠷᠢ ᠲᠠᠢ ᠠᠭᠤᠤ ᠦᠨᠳᠦᠰᠦᠲᠡᠨ ᠥᠭᠡᠷ᠎ᠡ ᠬᠠᠮᠢᠭ᠎ᠠ ᠪᠠᠢᠨ᠎ᠠ ᠪᠤᠢ︖

9 ᠬᠠᠷᠢᠨ ᠴᠢ ᠰᠡᠷᠡᠮᠵᠢ ᠲᠠᠢ ᠪᠠᠢ᠃ ᠵᠢᠷᠦᠬᠡ ᠰᠡᠳᠬᠢᠯ ᠢᠶᠠᠨ ᠪᠦᠷᠢᠨ ᠬᠠᠮᠠᠭᠠᠯᠠ᠃ ᠴᠢ ᠨᠢᠳᠦ ᠪᠡᠷ ᠢᠶᠠᠨ ᠦᠵᠡᠭᠰᠡᠨ ᠲᠡᠳᠡᠭᠡᠷ ᠶᠠᠪᠤᠳᠠᠯ ᠢᠶᠠᠨ ᠮᠠᠷᠲᠠᠭᠤᠵᠠᠢ᠂ ᠲᠡᠳᠡᠭᠡᠷ ᠢ ᠠᠮᠢᠳᠤᠷᠠᠯ ᠤᠨ ᠢᠶᠠᠨ ᠲᠤᠷᠰᠢᠳᠠ ᠵᠢᠷᠦᠬᠡ ᠰᠡᠳᠬᠢᠯ ᠡᠴᠡ ᠪᠡᠨ ᠪᠦᠦ ᠭᠠᠷᠭ᠎ᠠ᠃ ᠬᠠᠷᠢᠨ ᠴᠢ ᠲᠡᠳᠡᠭᠡᠷ ᠢ ᠦᠷ᠎ᠡ ᠬᠡᠦᠬᠡᠳ ᠤᠳ᠂ ᠮᠥᠨ ᠠᠴᠢ ᠨᠠᠷ ᠲᠠᠭᠠᠨ ᠲᠠᠨᠢᠭᠤᠯᠵᠤ ᠮᠡᠳᠡᠭᠦᠯ᠃ 10 ᠬᠣᠷᠧᠪ ᠠᠭᠤᠯᠠᠨ ᠳᠤ ᠶᠣᠬᠣᠸᠠ ᠪᠤᠷᠬᠠᠨ ᠤ ᠪᠠᠨ ᠡᠮᠦᠨ᠎ᠡ ᠵᠣᠭᠰᠣᠭᠰᠠᠨ ᠲᠡᠷᠡ ᠡᠳᠦᠷ ᠢᠶᠡᠨ ᠰᠠᠨᠠᠭᠲᠤᠨ᠃ ᠲᠡᠷᠡ ᠡᠳᠦᠷ ᠶᠣᠬᠣᠸᠠ ᠨᠠᠳᠠ ᠳᠤ ᠠᠢᠯᠠᠳᠤᠨ᠄ 《ᠠᠷᠠᠳ ᠲᠦᠮᠡᠨ ᠢ ᠨᠠᠳᠠ ᠤᠷᠤᠭᠤ ᠴᠤᠭᠯᠠᠭᠤᠯ᠃ ᠪᠢ ᠲᠡᠳᠡᠨ ᠳᠦ ᠦᠭᠡ ᠪᠡᠨ ᠰᠣᠨᠣᠰᠬᠠᠶ᠎ᠠ᠃ ᠡᠢᠨ ᠬᠦ ᠲᠡᠳᠡ ᠭᠠᠵᠠᠷ ᠳᠡᠭᠡᠷ᠎ᠡ ᠠᠮᠢᠳᠤᠷᠠᠬᠤ ᠪᠦᠬᠦᠢᠯᠡ ᠡᠳᠦᠷ ᠤᠳ ᠲᠡᠭᠡᠨ ᠨᠠᠳᠠ ᠠᠴᠠ ᠡᠮᠢᠶᠡᠬᠦ ᠶᠢ ᠰᠤᠷᠴᠤ᠂ ᠦᠷ᠎ᠡ ᠬᠡᠦᠬᠡᠳ ᠤᠳ ᠲᠡᠭᠡᠨ ᠵᠢᠭᠠᠵᠤ ᠰᠤᠷᠭᠠᠬᠤ ᠪᠣᠯᠣᠨ᠎ᠠ》 ᠭᠡᠰᠡᠨ ᠪᠢᠯᠡ᠃ 11 ᠲᠠ ᠨᠠᠷ ᠣᠢᠷᠠᠲᠤᠨ ᠣᠴᠢᠭᠠᠳ ᠠᠭᠤᠯᠠᠨ ᠪᠡᠯ ᠳᠦ ᠵᠣᠭᠰᠣᠬᠤ ᠳᠤ᠂ ᠲᠡᠷᠡ ᠠᠭᠤᠯᠠ ᠲᠩᠷᠢ ᠣᠭᠲᠠᠷᠭᠤᠢ ᠳᠤ ᠲᠤᠯᠲᠠᠯ᠎ᠠ ᠳᠦᠷᠡᠯᠵᠡᠨ ᠰᠢᠲᠠᠵᠤ᠂ ᠲᠠᠰ ᠬᠠᠷᠠᠩ᠋ᠭᠤᠢ ᠡᠭᠦᠯᠡ ᠲᠡᠭᠦᠨ ᠢ ᠬᠤᠴᠢᠵᠤ ᠪᠠᠢᠯ᠎ᠠ᠃ 12 ᠲᠡᠭᠡᠬᠦ ᠳᠦ ᠶᠣᠬᠣᠸᠠ ᠭᠠᠯ ᠤᠨ ᠳᠤᠮᠳᠠ ᠠᠴᠠ ᠲᠠ ᠨᠠᠷ ᠲᠤ ᠠᠢᠯᠠᠳᠤᠭᠰᠠᠨ ᠪᠢᠯᠡ᠃ ᠲᠠ ᠨᠠᠷ ᠦᠭᠡ ᠳᠤᠤᠭᠠᠷᠬᠤ ᠶᠢ ᠰᠣᠨᠣᠰᠣᠭᠰᠠᠨ ᠪᠣᠯᠪᠠᠴᠤ ᠶᠠᠮᠠᠷ ᠴᠤ ᠳᠦᠷᠰᠦ ᠬᠠᠷᠠᠭ᠎ᠠ ᠦᠭᠡᠢ᠂ ᠳᠠᠭᠤ ᠬᠣᠭᠣᠯᠠᠢ ᠶᠢ ᠨᠢ ᠯᠠ ᠰᠣᠨᠣᠰᠣᠭᠰᠠᠨ᠃ 13 ᠲᠡᠢᠨ ᠬᠦ ᠶᠣᠬᠣᠸᠠ ᠲᠠ ᠨᠠᠷ ᠲᠤ ᠭᠡᠷ᠎ᠡ ᠪᠡᠨ ᠵᠠᠷᠯᠠᠵᠤ᠂ ᠲᠡᠭᠦᠨ ᠢ ᠪᠡᠶᠡᠯᠡᠭᠦᠯᠬᠦ ᠶᠢ ᠲᠠ ᠨᠠᠷ ᠲᠤ ᠲᠤᠰᠢᠶᠠᠭᠰᠠᠨ ᠪᠥᠭᠡᠳ ᠠᠷᠪᠠᠨ ᠬᠠᠤᠯᠢ ᠭᠡᠬᠦ ᠲᠡᠷᠡ ᠭᠡᠷ᠎ᠡ ᠶᠢ ᠬᠣᠶᠠᠷ ᠴᠢᠯᠠᠭᠤᠨ ᠬᠠᠪᠲᠠᠰᠤᠨ ᠳᠡᠭᠡᠷ᠎ᠡ ᠥᠪᠡᠷ ᠢᠶᠡᠨ ᠪᠢᠴᠢᠭᠰᠡᠨ ᠶᠤᠮ᠃ 14 ᠲᠡᠷᠡ ᠦᠶ᠎ᠡ ᠳᠦ ᠶᠣᠬᠣᠸᠠ ᠨᠠᠳᠠ ᠳᠤ ᠲᠤᠰᠢᠶᠠᠨ ᠲᠠ ᠨᠠᠷ ᠤᠨ ᠭᠣᠣᠯ ᠭᠠᠲᠤᠯᠤᠨ ᠶᠠᠪᠤᠵᠤ ᠡᠵᠡᠮᠰᠢᠬᠦ ᠲᠡᠷᠡ ᠭᠠᠵᠠᠷ ᠲᠠᠭᠠᠨ ᠮᠥᠷᠳᠡᠬᠦ ᠶᠣᠰᠣᠲᠠᠢ ᠬᠠᠤᠯᠢ ᠵᠢᠭᠠᠪᠤᠷᠢ ᠨᠤᠭᠤᠳ ᠢ ᠲᠠ ᠨᠠᠷ ᠲᠤ ᠵᠢᠭᠠᠯᠭᠠᠭᠰᠠᠨ ᠶᠤᠮ᠃
 ᠵᠢᠩᠬᠢᠨᠢ ᠪᠤᠷᠬᠠᠨ ᠢ ᠯᠠ ᠳᠡᠭᠡᠳᠦᠯᠡᠬᠦ ᠶᠣᠰᠣᠲᠠᠢ

15 ᠲᠠ ᠨᠠᠷ ᠵᠢᠷᠦᠬᠡ ᠰᠡᠳᠬᠢᠯ ᠢᠶᠠᠨ ᠪᠦᠷᠢᠨ ᠬᠠᠮᠠᠭᠠᠯᠠ᠃ ᠶᠣᠬᠣᠸᠠ ᠬᠣᠷᠧᠪ ᠠᠭᠤᠯᠠᠨ ᠳᠤ ᠭᠠᠯ ᠤᠨ ᠳᠤᠮᠳᠠ ᠠᠴᠠ ᠲᠠ ᠨᠠᠷ ᠲᠤ ᠠᠢᠯᠠᠳᠤᠭᠰᠠᠨ ᠲᠡᠷᠡ ᠡᠳᠦᠷ ᠲᠠ ᠨᠠᠷ ᠶᠠᠮᠠᠷ ᠴᠤ ᠳᠦᠷᠰᠦ ᠬᠠᠷᠠᠭ᠎ᠠ ᠦᠭᠡᠢ᠃ 16 ᠲᠠ ᠨᠠᠷ ᠵᠠᠪᠬᠠᠢᠷᠠᠵᠤ᠂ ᠥᠪᠡᠷᠰᠡᠳ ᠲᠡᠭᠡᠨ ᠶᠠᠮᠠᠷ ᠨᠢᠭᠡᠨ ᠬᠡᠯᠪᠡᠷᠢ ᠳᠦᠷᠰᠦ ᠪᠦᠬᠦᠢ ᠰᠡᠢᠯᠦᠮᠡᠯ ᠬᠥᠷᠥᠭ ᠢ ᠪᠦᠲᠦᠭᠡᠭᠦᠵᠡᠢ᠃ ᠡᠷᠡᠭᠲᠡᠢ ᠪᠤᠶᠤ ᠡᠮᠡᠭᠲᠡᠢ ᠶᠢᠨ ᠳᠦᠷᠰᠦ᠂ 17 ᠡᠰᠡᠪᠡᠯ ᠭᠠᠵᠠᠷ ᠳᠡᠭᠡᠷ᠎ᠡ ᠪᠠᠢᠳᠠᠭ ᠶᠠᠮᠠᠷ ᠨᠢᠭᠡᠨ ᠠᠮᠢᠲᠠᠨ ᠤ ᠳᠦᠷᠰᠦ᠂ ᠡᠰᠡᠪᠡᠯ ᠲᠩᠷᠢ ᠳᠤ ᠨᠢᠰᠳᠡᠭ ᠶᠠᠮᠠᠷ ᠨᠢᠭᠡᠨ ᠵᠢᠭᠦᠷᠲᠡᠨ ᠦ ᠳᠦᠷᠰᠦ᠂ 18 ᠡᠰᠡᠪᠡᠯ ᠭᠠᠵᠠᠷ ᠳᠡᠭᠡᠭᠦᠷ ᠮᠥᠯᠬᠥᠭᠴᠢ ᠶᠠᠮᠠᠷ ᠨᠢᠭᠡᠨ ᠶᠠᠭᠤᠮᠠᠨ ᠤ ᠳᠦᠷᠰᠦ᠂ ᠡᠰᠡᠪᠡᠯ ᠭᠠᠵᠠᠷ ᠤᠨ ᠳᠣᠣᠷ᠎ᠠ᠂ ᠤᠰᠤᠨ ᠳᠤ ᠪᠠᠢᠳᠠᠭ ᠶᠠᠮᠠᠷ ᠨᠢᠭᠡᠨ ᠵᠢᠭᠠᠰᠤᠨ ᠤ ᠳᠦᠷᠰᠦ ᠶᠢ ᠪᠦᠲᠦᠭᠡᠭᠦᠵᠡᠢ᠂ 19 ᠴᠢ ᠪᠠᠰᠠ ᠲᠩᠷᠢ ᠥᠭᠡᠳᠡ ᠨᠢᠳᠦ ᠪᠡᠨ ᠡᠷᠭᠦᠨ ᠨᠠᠷᠠ᠂ ᠰᠠᠷᠠ᠂ ᠣᠳᠣᠳ ᠵᠡᠷᠭᠡ ᠣᠭᠲᠠᠷᠭᠤᠢ ᠶᠢᠨ ᠬᠠᠮᠤᠭ ᠡᠷᠬᠡᠰ ᠢ ᠦᠵᠡᠭᠡᠳ ᠰᠡᠳᠬᠢᠯ ᠲᠠᠲᠠᠭᠳᠠᠨ ᠡᠳᠡᠭᠡᠷ ᠲᠦ ᠪᠥᠬᠥᠢᠨ ᠮᠥᠷᠭᠥᠭᠦᠵᠡᠢ᠃ ᠡᠳᠡᠭᠡᠷ ᠢ ᠲᠠᠨ ᠤ ᠪᠤᠷᠬᠠᠨ ᠶᠣᠬᠣᠸᠠ ᠲᠩᠷᠢ ᠶᠢᠨ ᠳᠣᠣᠷᠠᠬᠢ ᠬᠠᠮᠤᠭ ᠦᠨᠳᠦᠰᠦᠲᠡᠨ ᠳᠦ ᠬᠠᠢᠷᠠᠯᠠᠭᠰᠠᠨ᠃ 20 ᠬᠠᠷᠢᠨ ᠲᠠ ᠨᠠᠷ ᠢ ᠯᠠ ᠰᠢᠯᠢᠨ ᠠᠪᠴᠤ᠂ ᠲᠡᠮᠦᠷ ᠬᠠᠢᠯᠤᠭᠤᠯᠬᠤ ᠵᠤᠤᠬ᠎ᠠ ᠭᠡᠮᠡᠷ ᠶᠧᠵᠢᠫᠲ ᠡᠴᠡ ᠭᠠᠷᠭᠠᠭᠠᠳ ᠥᠨᠥᠳᠥᠷ ᠥᠪᠡᠷ ᠦᠨ ᠢᠶᠠᠨ ᠥᠪ ᠦᠨ ᠬᠤᠪᠢ ᠪᠠᠷ ᠣᠨᠴᠠᠭᠠᠢ ᠠᠷᠠᠳ ᠲᠦᠮᠡᠨ ᠪᠣᠯᠭᠠᠭᠰᠠᠨ ᠪᠢᠯᠡ᠃

21 ᠬᠠᠷᠢᠨ ᠶᠣᠬᠣᠸᠠ ᠲᠠ ᠨᠠᠷ ᠤᠨ ᠤᠯᠠᠮ ᠢᠶᠠᠷ ᠨᠠᠳᠠ ᠳᠤ ᠬᠢᠯᠢᠩᠨᠡᠭᠰᠡᠨ ᠪᠥᠭᠡᠳ ᠨᠠᠮᠠᠶᠢ ᠶᠣᠷᠳᠠᠨ ᠢ ᠭᠠᠲᠤᠯᠤᠭᠤᠯᠬᠤ ᠦᠭᠡᠢ᠂ ᠲᠠᠨ ᠤ ᠪᠤᠷᠬᠠᠨ ᠶᠣᠬᠣᠸᠠ ᠶᠢᠨ ᠴᠢᠮ᠎ᠠ ᠳᠤ ᠥᠪ ᠪᠣᠯᠭᠠᠨ ᠥᠭᠬᠦ ᠭᠡᠵᠦ ᠪᠤᠢ ᠲᠡᠷᠡ ᠰᠠᠢᠬᠠᠨ ᠭᠠᠵᠠᠷ ᠲᠤ ᠣᠷᠣᠭᠤᠯᠬᠤ ᠦᠭᠡᠢ ᠭᠡᠵᠦ ᠲᠠᠩ᠋ᠭᠠᠷᠢᠭᠯᠠᠭᠰᠠᠨ᠃ 22 ᠪᠢ ᠡᠨᠡ ᠭᠠᠵᠠᠷ ᠲᠤ ᠦᠬᠦᠨ᠎ᠡ᠃ ᠪᠢ ᠶᠣᠷᠳᠠᠨ ᠢ ᠭᠠᠲᠤᠯᠬᠤ ᠦᠭᠡᠢ ᠪᠣᠯᠪᠠᠴᠤ ᠲᠠ ᠨᠠᠷ ᠭᠠᠲᠤᠯᠵᠤ᠂ ᠲᠡᠷᠡ ᠰᠠᠢᠬᠠᠨ ᠭᠠᠵᠠᠷ ᠢ ᠡᠵᠡᠮᠰᠢᠬᠦ ᠤᠴᠢᠷ 23 ᠰᠡᠷᠡᠮᠵᠢ ᠲᠠᠢ ᠪᠠᠢᠵᠠᠭ᠎ᠠ᠃ ᠲᠠ ᠨᠠᠷ ᠲᠠᠢ ᠪᠠᠢᠭᠤᠯᠤᠭᠰᠠᠨ ᠶᠣᠬᠣᠸᠠ ᠪᠤᠷᠬᠠᠨ ᠤ ᠪᠠᠨ ᠭᠡᠷ᠎ᠡ ᠶᠢ ᠮᠠᠷᠲᠠᠭᠤᠵᠠᠢ᠂ ᠶᠣᠬᠣᠸᠠ ᠪᠤᠷᠬᠠᠨ ᠤ ᠪᠠᠨ ᠬᠣᠷᠢᠭᠯᠠᠭᠰᠠᠨ ᠶᠠᠮᠠᠷ ᠨᠢᠭᠡᠨ ᠳᠦᠷᠰᠦ ᠲᠠᠢ ᠰᠡᠢᠯᠦᠮᠡᠯ ᠬᠥᠷᠥᠭ ᠢ ᠪᠦᠲᠦᠭᠡᠭᠦᠵᠡᠢ᠃ 24 ᠤᠴᠢᠷ ᠨᠢ ᠲᠠᠨ ᠤ ᠪᠤᠷᠬᠠᠨ ᠶᠣᠬᠣᠸᠠ ᠪᠣᠯ ᠰᠥᠨᠥᠭᠡᠬᠦ ᠭᠠᠯ ᠪᠥᠭᠡᠳ ᠵᠢᠲᠥᠭᠡᠲᠡᠢ ᠪᠤᠷᠬᠠᠨ ᠶᠤᠮ᠃

25 ᠴᠢ ᠬᠡᠦᠬᠡᠳ ᠠᠴᠢ ᠨᠠᠷ ᠲᠠᠢ ᠪᠣᠯᠣᠭᠠᠳ ᠲᠡᠷᠡ ᠨᠤᠲᠤᠭ ᠲᠤ ᠥᠨᠢ ᠤᠳᠠᠭᠠᠨ ᠰᠠᠭᠤᠭᠰᠠᠨ ᠤ ᠳᠠᠷᠠᠭ᠎ᠠ ᠴᠤ᠂ ᠵᠠᠪᠬᠠᠢᠷᠠᠵᠤ ᠶᠠᠮᠠᠷ ᠨᠢᠭᠡ ᠳᠦᠷᠰᠦ ᠲᠠᠢ ᠬᠥᠷᠥᠭ ᠪᠦᠲᠦᠭᠡᠬᠦ ᠪᠡᠷ ᠢᠶᠠᠨ ᠶᠣᠬᠣᠸᠠ ᠪᠤᠷᠬᠠᠨ ᠤ ᠪᠠᠨ ᠮᠡᠯᠮᠡᠢ ᠶᠢᠨ ᠡᠰᠡᠷᠭᠦ ᠮᠠᠭᠤ ᠶᠢ ᠦᠢᠯᠡᠳᠦᠨ ᠲᠡᠭᠦᠨ ᠦ ᠠᠭᠤᠷ ᠬᠢᠯᠢᠩ ᠢ ᠬᠥᠳᠡᠯᠭᠡᠬᠦ ᠶᠤᠮ ᠪᠣᠯ᠂ 26 ᠶᠣᠷᠳᠠᠨ ᠭᠣᠣᠯ ᠢ ᠴᠠᠰᠢ ᠭᠠᠲᠤᠯᠤᠨ ᠡᠵᠡᠮᠰᠢᠬᠦ ᠭᠠᠵᠠᠷ ᠲᠠᠭᠠᠨ ᠤᠳᠠᠯ ᠦᠭᠡᠢ ᠯᠠᠪᠲᠠᠢ ᠮᠥᠬᠥᠬᠦ ᠪᠣᠯᠣᠨ᠎ᠠ᠂ ᠥᠨᠥᠳᠥᠷ ᠪᠢ ᠲᠩᠷᠢ ᠪᠣᠯᠣᠨ ᠭᠠᠵᠠᠷ ᠢ ᠳᠠᠭᠤᠳᠠᠨ ᠲᠠ ᠨᠠᠷ ᠤᠨ ᠡᠮᠦᠨ᠎ᠡ ᠡᠭᠦᠨ ᠦ ᠪᠠᠨ ᠭᠡᠷᠡᠴᠢ ᠪᠣᠯᠭᠠᠶ᠎ᠠ᠂ ᠲᠠ ᠨᠠᠷ ᠲᠡᠨᠳᠡ ᠤᠳᠠᠭᠠᠨ ᠰᠠᠭᠤᠬᠤ ᠦᠭᠡᠢ᠂ ᠵᠠᠪᠠᠯ ᠰᠥᠨᠥᠨ᠎ᠡ᠃ 27 ᠶᠣᠬᠣᠸᠠ ᠲᠠ ᠨᠠᠷ ᠢ ᠦᠨᠳᠦᠰᠦᠲᠡᠨ ᠨᠦᠭᠦᠳ ᠦᠨ ᠳᠤᠮᠳᠠ ᠪᠤᠲᠠᠷᠠᠭᠠᠨ ᠲᠠᠷᠬᠠᠭᠠᠬᠤ ᠪᠥᠭᠡᠳ ᠶᠣᠬᠣᠸᠠ ᠶᠢᠨ ᠬᠥᠭᠡᠭᠡᠨ ᠶᠠᠪᠤᠭᠤᠯᠤᠭᠰᠠᠨ ᠭᠠᠵᠠᠷ ᠤᠨ ᠦᠨᠳᠦᠰᠦᠲᠡᠨ ᠨᠦᠭᠦᠳ ᠦᠨ ᠳᠤᠮᠳᠠ ᠲᠠ ᠨᠠᠷ ᠴᠥᠭᠡᠬᠦᠯᠡ ᠪᠡᠨ ᠦᠯᠡᠳᠡᠬᠦ ᠪᠣᠯᠣᠨ᠎ᠠ᠃ 28 ᠲᠡᠨᠳᠡ ᠲᠠ ᠨᠠᠷ ᠬᠥᠮᠦᠨ ᠦ ᠭᠠᠷ ᠢᠶᠠᠷ ᠪᠦᠲᠦᠭᠡᠭᠰᠡᠨ ᠮᠣᠳᠣ᠂ ᠴᠢᠯᠠᠭᠤᠨ ᠪᠤᠷᠬᠠᠳ᠂ ᠬᠠᠷᠠᠳᠠᠭ ᠴᠤ ᠦᠭᠡᠢ᠂ ᠰᠣᠨᠣᠰᠳᠠᠭ ᠴᠤ ᠦᠭᠡᠢ᠂ ᠢᠳᠡᠳᠡᠭ ᠴᠤ ᠦᠭᠡᠢ᠂ ᠦᠨᠦᠷᠯᠡᠳᠡᠭ ᠴᠤ ᠦᠭᠡᠢ ᠪᠤᠷᠬᠠᠳ ᠲᠤ ᠵᠠᠷᠤᠭᠳᠠᠬᠤ ᠪᠣᠯᠣᠨ᠎ᠠ᠃ 29 ᠬᠠᠷᠢᠨ ᠴᠢ ᠲᠡᠨᠳᠡ ᠶᠣᠬᠣᠸᠠ ᠪᠤᠷᠬᠠᠨ ᠢᠶᠠᠨ ᠡᠷᠢᠬᠦ ᠪᠣᠯᠣᠨ᠎ᠠ᠃ ᠬᠡᠷᠪᠡ ᠴᠢ ᠲᠡᠭᠦᠨ ᠤᠷᠤᠭᠤ ᠪᠦᠬᠦ ᠵᠢᠷᠦᠬᠡ᠂ ᠪᠦᠬᠦ ᠰᠡᠳᠬᠢᠯ 3  ᠢᠶᠠᠷ ᠢᠶᠠᠨ ᠲᠡᠮᠡᠦᠯᠪᠡᠯ ᠣᠯᠣᠨ᠎ᠠ᠃ 30 ᠡᠨᠡ ᠪᠦᠬᠦ ᠶᠠᠪᠤᠳᠠᠯ ᠲᠤᠯᠭᠠᠷᠠᠵᠤ᠂ ᠴᠢᠮᠠᠶᠢ ᠵᠣᠪᠠᠭᠠᠬᠤ ᠬᠣᠵᠢᠮ ᠤᠨ ᠡᠳᠦᠷ ᠤᠳ ᠲᠤ ᠴᠢ ᠶᠣᠬᠣᠸᠠ ᠪᠤᠷᠬᠠᠨ ᠤᠷᠤᠭᠤ ᠪᠠᠨ ᠡᠷᠭᠢᠵᠦ᠂ ᠲᠡᠭᠦᠨ ᠦ ᠳᠠᠭᠤ ᠬᠣᠭᠣᠯᠠᠢ ᠶᠢ ᠳᠠᠭᠠᠬᠤ ᠪᠣᠯᠣᠨ᠎ᠠ᠃ 31 ᠲᠠᠨ ᠤ ᠪᠤᠷᠬᠠᠨ ᠶᠣᠬᠣᠸᠠ ᠥᠷᠥᠪᠴᠢ ᠪᠤᠷᠬᠠᠨ ᠪᠣᠯᠬᠣᠷ ᠴᠢᠮᠠᠶᠢ ᠣᠷᠬᠢᠬᠤ ᠦᠭᠡᠢ᠂ ᠴᠢᠮᠠᠶᠢ ᠤᠰᠠᠳᠬᠠᠬᠤ ᠦᠭᠡᠢ᠂ ᠴᠢᠨᠦ ᠡᠪᠦᠭᠡ ᠳᠡᠭᠡᠳᠦᠰ ᠲᠦ ᠲᠠᠩ᠋ᠭᠠᠷᠢᠭᠯᠠᠭᠰᠠᠨ ᠭᠡᠷ᠎ᠡ ᠪᠡᠨ ᠴᠤ ᠮᠠᠷᠲᠠᠬᠤ ᠦᠭᠡᠢ᠃

32 ᠪᠤᠷᠬᠠᠨ ᠳᠡᠯᠡᠬᠡᠢ ᠳᠡᠭᠡᠷ᠎ᠡ ᠬᠥᠮᠦᠨ ᠢ ᠪᠦᠲᠦᠭᠡᠭᠰᠡᠨ ᠡᠳᠦᠷ ᠡᠴᠡ ᠨᠠᠭᠠᠰᠢᠬᠢ ᠴᠢᠮ᠎ᠠ ᠠᠴᠠ ᠡᠮᠦᠨ᠎ᠡ ᠪᠠᠢᠭᠰᠠᠨ ᠡᠷᠲᠡ ᠤᠷᠢᠳᠤ ᠶᠢᠨ ᠦᠶ᠎ᠡ ᠶᠢᠨ ᠬᠢᠨ ᠡᠴᠡ ᠠᠰᠠᠭᠤ᠂ ᠮᠥᠨ ᠲᠩᠷᠢ ᠶᠢᠨ ᠨᠢᠭᠡ ᠬᠢᠵᠠᠭᠠᠷ ᠠᠴᠠ ᠨᠥᠭᠥᠭᠡ ᠬᠢᠵᠠᠭᠠᠷ ᠲᠤ ᠬᠦᠷᠲᠡᠯ᠎ᠡ ᠬᠠᠢᠵᠤ ᠠᠰᠠᠭᠤ᠃ ᠡᠭᠦᠨ ᠰᠢᠭ ᠠᠭᠤᠤ ᠶᠡᠬᠡ ᠶᠠᠪᠤᠳᠠᠯ ᠲᠣᠬᠢᠶᠠᠯᠳᠤᠵᠤ ᠪᠠᠢᠭᠰᠠᠨ ᠤᠤ︖ ᠡᠢᠮᠦ ᠶᠠᠪᠤᠳᠠᠯ ᠢ ᠰᠣᠨᠣᠰᠴᠤ ᠪᠠᠢᠭᠰᠠᠨ ᠤᠤ︖ 33 ᠭᠠᠯ ᠤᠨ ᠳᠤᠮᠳᠠ ᠠᠴᠠ ᠠᠢᠯᠠᠳᠤᠭᠰᠠᠨ ᠪᠤᠷᠬᠠᠨ ᠤ ᠳᠠᠭᠤ ᠬᠣᠭᠣᠯᠠᠢ ᠶᠢ ᠴᠢᠨᠦ ᠰᠣᠨᠣᠰᠣᠭᠰᠠᠨ ᠰᠢᠭ᠋ ᠰᠣᠨᠣᠰᠣᠭᠠᠳ ᠠᠮᠢᠳᠤ ᠦᠯᠡᠳᠡᠭᠰᠡᠨ ᠦᠨᠳᠦᠰᠦᠲᠡᠨ ᠥᠭᠡᠷ᠎ᠡ ᠪᠠᠢᠨ᠎ᠠ ᠤᠤ︖ 34 ᠲᠠᠨ ᠤ ᠪᠤᠷᠬᠠᠨ ᠶᠣᠬᠣᠸᠠ ᠶᠧᠵᠢᠫᠲ ᠲᠤ ᠲᠠ ᠨᠠᠷ ᠤᠨ ᠨᠢᠳᠦᠨ ᠦ ᠡᠮᠦᠨ᠎ᠡ ᠲᠠ ᠨᠠᠷ ᠤᠨ ᠲᠥᠯᠥᠭᠡ ᠦᠢᠯᠡᠳᠦᠭᠰᠡᠨ ᠪᠦᠬᠦᠨ ᠲᠡᠢ ᠠᠳᠠᠯᠢ ᠪᠠᠷ ᠶᠠᠩᠵᠤ ᠪᠦᠷᠢ ᠶᠢᠨ ᠰᠣᠷᠢᠯᠲᠠ᠂ ᠲᠡᠮᠳᠡᠭ᠂ ᠭᠠᠢᠬᠠᠮᠰᠢᠭ ᠪᠣᠯᠣᠨ ᠳᠠᠢᠨ ᠪᠠᠢᠯᠳᠤᠭᠠᠨ᠂ ᠰᠤᠩ᠋ᠭᠠᠭᠰᠠᠨ ᠬᠦᠴᠦᠲᠦ ᠮᠤᠲᠤᠷ ᠬᠢᠭᠡᠳ ᠠᠭᠤᠤ ᠶᠡᠬᠡ ᠠᠶᠤᠮᠰᠢᠭᠲᠤ ᠦᠢᠯᠡ ᠶᠠᠪᠤᠳᠠᠯ ᠤᠳ ᠢᠶᠠᠷ ᠨᠢᠭᠡ ᠦᠨᠳᠦᠰᠦᠲᠡᠨ ᠢ ᠨᠥᠭᠥᠭᠡ ᠦᠨᠳᠦᠰᠦᠲᠡᠨ ᠦ ᠳᠣᠲᠣᠷ᠎ᠠ ᠠᠴᠠ ᠥᠪᠡᠷ ᠲᠡᠭᠡᠨ ᠠᠪᠬᠤ ᠪᠠᠷ ᠬᠦᠴᠦᠯᠡᠭᠰᠡᠨ ᠪᠤᠷᠬᠠᠨ ᠥᠭᠡᠷ᠎ᠡ ᠪᠠᠢᠨ᠎ᠠ ᠤᠤ︖ 35 ᠡᠭᠦᠨ ᠢ ᠭᠠᠭᠴᠠ ᠬᠦ ᠴᠢᠮ᠎ᠠ ᠳᠤ ᠦᠵᠡᠭᠦᠯᠦᠭᠰᠡᠨ ᠨᠢ ᠪᠤᠷᠬᠠᠨ ᠪᠣᠯ ᠶᠣᠬᠣᠸᠠ᠂ ᠲᠡᠭᠦᠨ ᠡᠴᠡ ᠥᠭᠡᠷ᠎ᠡ ᠨᠢ ᠦᠭᠡᠢ ᠭᠡᠳᠡᠭ ᠢ ᠴᠢᠮ᠎ᠠ ᠳᠤ ᠮᠡᠳᠡᠭᠦᠯᠬᠦ ᠶᠢᠨ ᠲᠤᠯᠠᠳᠠ ᠶᠤᠮ᠃ 36 ᠶᠣᠬᠣᠸᠠ ᠴᠢᠮᠠᠶᠢ ᠵᠢᠭᠠᠵᠤ ᠰᠤᠷᠭᠠᠬᠤ ᠶᠢᠨ ᠲᠤᠯᠠᠳᠠ ᠲᠩᠷᠢ ᠡᠴᠡ ᠳᠠᠭᠤ ᠬᠣᠭᠣᠯᠠᠢ ᠪᠠᠨ ᠰᠣᠨᠣᠰᠬᠠᠵᠤ᠂ ᠭᠠᠵᠠᠷ ᠳᠡᠭᠡᠷ᠎ᠡ ᠶᠡᠬᠡ ᠭᠠᠯ ᠢᠶᠠᠨ ᠦᠵᠡᠭᠦᠯᠦᠭᠰᠡᠨ ᠪᠣᠯᠬᠣᠷ ᠲᠡᠷᠡ ᠭᠠᠯ ᠤᠨ ᠳᠣᠲᠣᠷ᠎ᠠ ᠠᠴᠠ ᠲᠡᠭᠦᠨ ᠦ ᠦᠭᠡ ᠶᠢ ᠴᠢ ᠰᠣᠨᠣᠰᠣᠭᠰᠠᠨ ᠪᠢᠯᠡ᠃ 37 ᠶᠣᠬᠣᠸᠠ ᠡᠴᠢᠭᠡ ᠡᠪᠦᠭᠡᠳ ᠢ ᠴᠢᠨᠢ ᠬᠠᠢᠷᠠᠯᠠᠭᠰᠠᠨ ᠤᠴᠢᠷ ᠠᠴᠠ ᠲᠡᠳᠡᠨ ᠦ ᠬᠣᠢᠴᠢ ᠦᠷ᠎ᠡ ᠤᠳᠤᠮ ᠢ ᠰᠢᠯᠢᠨ ᠠᠪᠤᠭᠰᠠᠨ᠂ ᠠᠤᠭ᠎ᠠ ᠬᠦᠴᠦ ᠪᠡᠷ ᠢᠶᠠᠨ ᠴᠢᠮᠠᠶᠢ ᠶᠧᠵᠢᠫᠲ ᠡᠴᠡ ᠥᠪᠡᠷ ᠢᠶᠡᠨ ᠳᠠᠭᠠᠭᠤᠯᠤᠨ ᠭᠠᠷᠭᠠᠭᠰᠠᠨ᠂ 38 ᠴᠢᠮ᠎ᠠ ᠠᠴᠠ ᠠᠭᠤᠤ᠂ ᠬᠦᠴᠦᠷᠬᠡᠭ ᠦᠨᠳᠦᠰᠦᠲᠡᠨ ᠨᠦᠭᠦᠳ ᠢ ᠴᠢᠨᠦ ᠡᠮᠦᠨ᠎ᠡ ᠡᠴᠡ ᠬᠥᠭᠡᠭᠡᠨ ᠶᠠᠪᠤᠭᠤᠯᠵᠤ᠂ ᠥᠨᠥᠳᠥᠷ ᠦᠨ ᠬᠢ ᠲᠠᠢ ᠠᠳᠠᠯᠢ ᠴᠢᠮᠠᠶᠢ ᠭᠠᠵᠠᠷ ᠨᠤᠲᠤᠭ ᠤᠷᠤᠭᠤ ᠨᠢ ᠣᠷᠣᠭᠤᠯᠤᠨ ᠲᠡᠭᠦᠨ ᠢ ᠴᠢᠮ᠎ᠠ ᠳᠤ ᠥᠪ ᠪᠣᠯᠭᠠᠨ ᠰᠣᠶᠣᠷᠬᠠᠭᠰᠠᠨ ᠶᠤᠮ᠃ 39 ᠥᠨᠥᠳᠥᠷ ᠴᠢ ᠡᠭᠦᠨ ᠢ ᠣᠢᠯᠠᠭᠠᠵᠤ ᠰᠡᠳᠬᠢᠯ ᠳᠡᠭᠡᠨ ᠬᠠᠳᠠᠭᠠᠯᠠ᠃ ᠳᠡᠭᠡᠷ᠎ᠡ ᠲᠩᠷᠢ ᠳᠤ ᠴᠤ᠂ ᠳᠣᠣᠷ᠎ᠠ ᠭᠠᠵᠠᠷ ᠲᠤ ᠴᠤ ᠪᠤᠷᠬᠠᠨ ᠪᠣᠯ ᠶᠣᠬᠣᠸᠠ᠂ ᠲᠡᠭᠦᠨ ᠡᠴᠡ ᠥᠭᠡᠷ᠎ᠡ ᠪᠤᠷᠬᠠᠨ ᠭᠡᠵᠦ ᠪᠠᠢᠬᠤ ᠦᠭᠡᠢ᠃ 40 ᠥᠨᠥᠳᠥᠷ ᠴᠢ ᠪᠣᠯᠣᠨ ᠴᠢᠨᠦ ᠦᠷ᠎ᠡ ᠤᠳᠤᠮ ᠤᠨ ᠬᠢᠨ ᠤ ᠰᠠᠢᠨ ᠰᠠᠢᠬᠠᠨ ᠤ ᠲᠥᠯᠥᠭᠡ ᠮᠢᠨᠦ ᠥᠭᠴᠦ ᠪᠠᠢᠭ᠎ᠠ᠂ ᠶᠣᠬᠣᠸᠠ ᠶᠢᠨ ᠬᠠᠤᠯᠢ ᠲᠤᠰᠢᠶᠠᠯ ᠢ ᠰᠠᠬᠢ᠂ ᠲᠡᠭᠡᠪᠡᠯ ᠲᠠᠨ ᠤ ᠪᠤᠷᠬᠠᠨ ᠶᠣᠬᠣᠸᠠ ᠶᠢᠨ ᠡᠭᠦᠷᠢᠳᠡ ᠥᠭᠬᠦ ᠪᠡᠷ ᠪᠤᠢ ᠭᠠᠵᠠᠷ ᠨᠤᠲᠤᠭ ᠳᠡᠭᠡᠷ᠎ᠡ ᠴᠢ ᠤᠷᠲᠤ ᠤᠳᠠᠭᠠᠨ ᠨᠠᠰᠤᠯᠠᠬᠤ ᠪᠣᠯᠣᠨ᠎ᠠ᠃
 ᠬᠣᠷᠭᠣᠳᠠᠬᠤ ᠭᠠᠵᠠᠷ

41 ᠲᠡᠷᠡ ᠦᠶ᠎ᠡ ᠳᠦ ᠮᠣᠰᠧ ᠶᠣᠷᠳᠠᠨ ᠤ ᠳᠣᠷᠣᠨ᠎ᠠ ᠲᠠᠯ᠎ᠠ᠂ ᠨᠠᠷᠠᠨ ᠮᠠᠨᠳᠤᠬᠤ ᠵᠦᠭ ᠲᠦ ᠭᠤᠷᠪᠠᠨ ᠬᠣᠲᠠ ᠶᠢ ᠲᠤᠰᠠᠭᠠᠷᠯᠠᠨ ᠰᠠᠯᠭᠠᠵᠤ᠂ 42 ᠤᠷᠢᠳᠤ ᠠᠴᠠ ᠰᠠᠨᠠᠭᠰᠠᠨ ᠥᠰ ᠬᠣᠨᠵᠢᠩ ᠦᠭᠡᠢ ᠠᠲᠠᠯ᠎ᠠ ᠰᠠᠨᠠᠮᠰᠠᠷ ᠦᠭᠡᠢ ᠪᠠᠷ ᠬᠥᠷᠰᠢ ᠪᠠᠨ ᠠᠯᠠᠭᠰᠠᠨ ᠬᠥᠮᠦᠨ ᠦ ᠵᠢᠭᠤᠲᠠᠨ ᠣᠴᠢᠬᠤ ᠭᠠᠵᠠᠷ ᠪᠣᠯᠭᠠᠵᠠᠢ᠃ ᠲᠡᠢᠮᠦ ᠬᠥᠮᠦᠨ ᠲᠡᠳᠡᠭᠡᠷ ᠬᠣᠲᠠ ᠶᠢᠨ ᠨᠢᠭᠡᠨ ᠳᠦ ᠵᠢᠭᠤᠲᠠᠨ ᠣᠴᠢᠪᠠᠯ ᠠᠮᠢ ᠪᠠᠨ ᠬᠠᠮᠠᠭᠠᠯᠠᠵᠤ ᠪᠣᠯᠣᠨ᠎ᠠ᠃ 43 ᠲᠡᠳᠡᠭᠡᠷ ᠬᠣᠲᠠ ᠭᠡᠪᠡᠯ᠂ ᠷᠧᠣᠪᠧᠨᠴᠤᠳ ᠲᠤ ᠥᠭᠭᠥᠭᠰᠡᠨ ᠲᠡᠭᠰᠢ ᠲᠠᠯ᠎ᠠ ᠳᠤ ᠪᠠᠢᠳᠠᠭ ᠪᠧᠽᠧᠷ᠂ ᠭᠠᠳ᠋ᠴᠤᠳ ᠲᠤ ᠥᠭᠭᠥᠭᠰᠡᠨ ᠭᠢᠯᠧᠶᠠᠳ᠋ ᠳᠠᠬᠢ ᠷᠠᠮᠣᠲ᠂ ᠮᠠᠨᠠᠰᠧᠴᠤᠳ ᠲᠤ ᠥᠭᠭᠥᠭᠰᠡᠨ ᠪᠠᠱᠠᠨ ᠳᠠᠬᠢ ᠭᠣᠯᠠᠨ ᠪᠢᠯᠡ᠃
 ᠮᠣᠰᠧ ᠶᠢᠨ ᠳᠠᠮᠵᠢᠭᠤᠯᠤᠭᠰᠠᠨ ᠬᠠᠤᠯᠢ

44 ᠡᠳᠡᠭᠡᠷ ᠨᠢ ᠢᠰᠷᠧᠯᠴᠦᠳ ᠦᠨ ᠡᠮᠦᠨ᠎ᠡ ᠮᠣᠰᠧ ᠶᠢᠨ ᠲᠠᠯᠪᠢᠭᠰᠠᠨ ᠬᠠᠤᠯᠢ᠂ 45 ᠢᠰᠷᠧᠯᠴᠦᠳ ᠶᠧᠵᠢᠫᠲ ᠡᠴᠡ ᠭᠠᠷᠤᠭᠰᠠᠨ ᠦᠶ᠎ᠡ ᠳᠦ ᠮᠣᠰᠧ ᠶᠢᠨ ᠲᠡᠳᠡᠨ ᠳᠦ ᠥᠭᠭᠥᠭᠰᠡᠨ ᠵᠠᠷᠴᠢᠮ᠂ ᠲᠣᠭᠲᠠᠭᠠᠯ᠂ ᠵᠢᠷᠤᠮ ᠶᠤᠮ᠃ 46 ᠲᠡᠷᠡ ᠦᠶ᠎ᠡ ᠳᠦ ᠲᠡᠳᠡ ᠶᠣᠷᠳᠠᠨ ᠤ ᠵᠡᠭᠦᠨ ᠲᠠᠯ᠎ᠠ ᠳᠠᠬᠢ ᠪᠧᠲ ᠫᠧᠶᠣᠷ ᠤᠨ ᠣᠢᠷ᠎ᠠ ᠪᠤᠢ ᠬᠥᠨᠳᠡᠢ ᠳᠦ᠂ ᠲᠤᠬᠠᠢᠯᠠᠪᠠᠯ ᠠᠮᠣᠷᠢᠴᠤᠳ ᠤᠨ ᠬᠠᠭᠠᠨ ᠰᠢᠬᠣᠨ ᠤ ᠨᠤᠲᠤᠭ ᠲᠤ ᠪᠠᠢᠪᠠ᠃ ᠰᠢᠬᠣᠨ ᠾᠧᠱᠪᠣᠨ ᠳᠤ ᠰᠠᠭᠤᠵᠤ ᠪᠠᠢᠬᠤ ᠳᠤ᠂ ᠮᠣᠰᠧ ᠢᠰᠷᠧᠯᠴᠦᠳ ᠢ ᠳᠠᠭᠠᠭᠤᠯᠤᠨ ᠶᠧᠵᠢᠫᠲ ᠡᠴᠡ ᠭᠠᠷᠴᠤ ᠢᠷᠡᠭᠡᠳ ᠲᠡᠭᠦᠨ ᠢ ᠴᠣᠬᠢᠵᠤ 47 ᠲᠡᠭᠦᠨ ᠦ ᠭᠠᠵᠠᠷ ᠨᠤᠲᠤᠭ ᠢ᠂ ᠪᠠᠰᠠ ᠪᠠᠱᠠᠨ ᠤ ᠬᠠᠭᠠᠨ ᠣᠭ ᠤᠨ ᠭᠠᠵᠠᠷ ᠨᠤᠲᠤᠭ ᠢ ᠡᠵᠡᠮᠰᠢᠨ ᠠᠪᠴᠠᠢ᠃ ᠠᠮᠣᠷᠢᠴᠤᠳ ᠤᠨ ᠲᠡᠷᠡ ᠬᠣᠶᠠᠷ ᠬᠠᠭᠠᠨ ᠶᠣᠷᠳᠠᠨ ᠤ ᠳᠣᠷᠣᠨ᠎ᠠ ᠲᠠᠯ᠎ᠠ᠂ ᠨᠠᠷᠠᠨ ᠮᠠᠨᠳᠤᠬᠤ ᠵᠦᠭ ᠲᠦ 48 ᠠᠷᠨᠣᠨ ᠤ ᠬᠥᠨᠳᠡᠢ ᠶᠢᠨ ᠵᠠᠬ᠎ᠠ ᠳᠠᠬᠢ ᠠᠷᠣᠶᠧᠷ ᠡᠴᠡ ᠽᠢᠶᠣᠨ ᠠᠭᠤᠯᠠ᠂ ᠥᠭᠡᠷ᠎ᠡ ᠪᠡᠷ ᠬᠡᠯᠡᠪᠡᠯ ᠾᠧᠷᠮᠣᠨ ᠠᠭᠤᠯᠠ ᠬᠦᠷᠲᠡᠯ᠎ᠡ᠂ 49 ᠪᠠᠰᠠ ᠶᠣᠷᠳᠠᠨ ᠤ ᠵᠡᠭᠦᠨ ᠲᠠᠯ᠎ᠠ ᠳᠠᠬᠢ ᠠᠷᠠᠪᠠ ᠶᠢᠨ ᠪᠦᠬᠦ ᠨᠤᠲᠤᠭ ᠪᠣᠯᠣᠨ ᠫᠢᠰᠭ᠎ᠠ ᠠᠭᠤᠯᠠ ᠶᠢᠨ ᠪᠡᠯ ᠳᠠᠬᠢ ᠠᠷᠠᠪᠠ ᠲᠠᠩᠭᠢᠰ ᠬᠦᠷᠲᠡᠯᠡᠬᠢ ᠨᠤᠲᠤᠭ ᠲᠤ ᠰᠠᠭᠤᠵᠤ ᠪᠠᠢᠵᠠᠢ᠃