1 2 3 4 5 6 7 8 9 10 11 12 13 14 15 16 17 18 19 20 21 22 23 24 25 26 27 28 29 30 31 32 33 34


ᠳᠡᠳ᠋ ᠬᠠᠤᠯᠢ ᠬᠣᠷᠢᠨ ᠨᠢᠭᠡ
 ᠶᠠᠷᠭᠠᠴᠢᠨ ᠢ ᠨᠢ ᠲᠣᠳᠣᠯᠠᠭ᠎ᠠ ᠦᠭᠡᠢ ᠠᠮᠢᠨ ᠬᠡᠷᠡᠭ

1 ᠶᠣᠬᠣᠸᠠ ᠪᠤᠷᠬᠠᠨ ᠠᠴᠠ ᠴᠢᠨᠢ ᠴᠢᠮ᠎ᠠ ᠳᠤ ᠡᠵᠡᠮᠰᠢᠭᠦᠯᠬᠦ ᠪᠡᠷ ᠥᠭᠬᠦ ᠭᠠᠵᠠᠷ ᠳᠡᠭᠡᠷ᠎ᠡ ᠬᠡᠨ ᠨᠢᠭᠡᠨ ᠬᠥᠮᠦᠨ ᠠᠯᠠᠭᠳᠠᠭᠠᠳ ᠬᠡᠭᠡᠷ᠎ᠡ ᠲᠠᠯ᠎ᠠ ᠳᠤ ᠬᠡᠪᠲᠡᠵᠦ ᠪᠠᠢᠬᠤ ᠨᠢ ᠣᠯᠳᠠᠭᠰᠠᠨ ᠴᠤ᠂ ᠬᠡᠨ ᠠᠯᠠᠭᠰᠠᠨ ᠨᠢ ᠮᠡᠳᠡᠭᠳᠡᠬᠦ ᠦᠭᠡᠢ ᠪᠠᠢᠪᠠᠯ᠂ 2 ᠲᠠᠨ ᠤ ᠠᠬᠠᠮᠠᠳ ᠤᠳ ᠪᠣᠯᠣᠨ ᠰᠢᠭᠦᠭᠴᠢᠳ ᠭᠠᠷᠴᠤ ᠣᠴᠢᠭᠠᠳ ᠲᠡᠷᠡ ᠦᠬᠦᠳᠡᠯ ᠡᠴᠡ ᠡᠷᠭᠢᠨ ᠲᠣᠭᠣᠷᠢᠨ ᠤ ᠬᠢᠨᠢ ᠬᠣᠲᠠ ᠨᠤᠭᠤᠳ ᠬᠦᠷᠲᠡᠯᠡᠬᠢ ᠵᠠᠢ ᠶᠢ ᠬᠡᠮᠵᠢᠵᠦ᠂ 3 ᠲᠡᠷᠡ ᠦᠬᠦᠳᠡᠯ ᠡᠴᠡ ᠬᠠᠮᠤᠭ ᠤᠨ ᠣᠢᠷ᠎ᠠ ᠪᠠᠢᠭ᠎ᠠ ᠬᠣᠲᠠ ᠶᠢᠨ ᠠᠬᠠᠮᠠᠳ ᠤᠳ ᠨᠢ ᠵᠠᠷᠤᠭᠳᠠᠭ᠎ᠠ ᠦᠭᠡᠢ᠂ ᠪᠤᠭᠤᠯᠠᠭ᠎ᠠ ᠳᠤ ᠣᠷᠣᠭ᠎ᠠ ᠦᠭᠡᠢ ᠨᠢᠭᠡ ᠥᠬᠢᠨ ᠪᠢᠷᠠᠭᠤ ᠠᠪᠴᠢᠷᠠᠬᠤ ᠶᠣᠰᠣᠲᠠᠢ᠃ 4 ᠲᠡᠭᠡᠭᠡᠳ ᠲᠡᠷᠡ ᠬᠣᠲᠠ ᠶᠢᠨ ᠠᠬᠠᠮᠠᠳ ᠤᠳ ᠲᠡᠷᠡ ᠪᠢᠷᠠᠭᠤ ᠶᠢ ᠬᠠᠭᠠᠯᠤᠭ᠎ᠠ ᠦᠭᠡᠢ᠂ ᠲᠠᠷᠢᠶᠠᠯᠠᠭ᠎ᠠ ᠦᠭᠡᠢ ᠤᠷᠤᠰᠬᠠᠯ ᠤᠰᠤ ᠪᠦᠬᠦᠢ ᠠᠲᠠᠷ ᠬᠥᠨᠳᠡᠢ ᠤᠷᠤᠭᠤ ᠬᠥᠲᠥᠯᠵᠦ ᠠᠪᠠᠴᠢᠭᠠᠳ ᠲᠡᠨᠳᠡ ᠬᠦᠵᠦᠭᠦᠦ ᠶᠢ ᠨᠢ ᠬᠤᠭᠤ ᠮᠤᠰᠬᠢᠨ᠎ᠠ᠃ 5 ᠮᠥᠨ ᠯᠧᠸᠢ ᠶᠢᠨ ᠦᠷ᠎ᠡ ᠤᠳᠤᠮ ᠪᠣᠯᠬᠤ ᠲᠠᠬᠢᠯᠴᠢᠳ ᠪᠠᠰᠠ ᠣᠢᠷᠠᠲᠤᠨ ᠣᠴᠢᠬᠤ ᠪᠣᠯᠣᠨ᠎ᠠ᠃ ᠤᠴᠢᠷ ᠨᠢ ᠴᠢᠨᠦ ᠪᠤᠷᠬᠠᠨ ᠶᠣᠬᠣᠸᠠ ᠥᠪᠡᠷ ᠲᠡᠭᠡᠨ ᠦᠢᠯᠡᠴᠢᠯᠡᠭᠦᠯᠵᠦ ᠶᠣᠬᠣᠸᠠ ᠶᠢᠨ ᠨᠡᠷ᠎ᠡ ᠪᠡᠷ ᠢᠷᠥᠭᠡᠯᠭᠡᠬᠦ ᠶᠢᠨ ᠲᠤᠯᠠᠳᠠ ᠲᠡᠳᠡᠨ ᠢ ᠰᠢᠯᠢᠵᠦ ᠠᠪᠤᠭᠰᠠᠨ ᠪᠢᠯᠡ᠃ ᠠᠯᠢᠪᠠ ᠮᠠᠷᠭᠤᠭᠠᠨ᠂ ᠠᠯᠢᠪᠠ ᠬᠦᠴᠦᠷᠬᠡᠭᠯᠡᠯ ᠦᠨ ᠬᠡᠷᠡᠭ ᠴᠤ ᠲᠡᠳᠡᠨ ᠦ ᠦᠭᠡ ᠪᠡᠷ ᠰᠢᠢᠳᠪᠦᠷᠢᠯᠡᠭᠳᠡᠨ᠎ᠡ᠃ 6 ᠥᠨᠥᠬᠢ ᠦᠬᠦᠳᠡᠯ ᠡᠴᠡ ᠬᠠᠮᠤᠭ ᠤᠨ ᠣᠢᠷᠠᠬᠠᠨ ᠪᠠᠢᠭ᠎ᠠ ᠬᠣᠲᠠ ᠶᠢᠨ ᠠᠬᠠᠮᠠᠳ ᠤᠳ ᠪᠦᠭᠦᠳᠡᠭᠡᠷ ᠲᠡᠷᠡ ᠬᠥᠨᠳᠡᠢ ᠳᠦ ᠬᠦᠵᠦᠭᠦᠦ ᠪᠡᠨ ᠬᠤᠭᠤ ᠮᠤᠰᠬᠢᠭᠤᠯᠤᠭᠰᠠᠨ ᠥᠬᠢᠨ ᠪᠢᠷᠠᠭᠤᠨ ᠤ ᠳᠡᠭᠡᠷ᠎ᠡ ᠭᠠᠷ ᠢᠶᠠᠨ ᠤᠬᠢᠶᠠᠵᠤ᠂ 7 ᠭᠡᠷᠡᠴᠢᠯᠡᠨ᠄ 《ᠪᠢᠳᠡᠨ ᠦ ᠭᠠᠷ ᠡᠨᠡ ᠴᠢᠰᠤ ᠶᠢ ᠤᠷᠤᠰᠬᠠᠭ᠎ᠠ ᠦᠭᠡᠢ᠂ ᠪᠢᠳᠡᠨ ᠦ ᠨᠢᠳᠦ ᠲᠡᠷᠡ ᠶᠠᠪᠤᠳᠠᠯ ᠢ ᠬᠠᠷᠠᠭ᠎ᠠ ᠦᠭᠡᠢ᠃ 8 ᠥ᠂ ᠶᠣᠬᠣᠸᠠ︕ ᠲᠠ ᠥᠪᠡᠷ ᠦᠨ ᠵᠣᠯᠢᠭᠰᠠᠨ ᠠᠷᠠᠳ ᠲᠦᠮᠡᠨ᠂ ᠢᠰᠷᠧᠯ ᠤᠨ ᠠᠷᠠᠳ ᠲᠦᠮᠡᠨ ᠦ ᠲᠥᠯᠥᠭᠡ ᠬᠢᠬᠦ ᠡᠨᠡ ᠭᠡᠮ ᠦᠨ ᠬᠡᠯᠲᠦᠷᠢᠭᠦᠯᠦᠯᠭᠡ ᠶᠢ ᠬᠦᠯᠢᠶᠡᠨ ᠠᠪᠤᠨ᠎ᠠ ᠤᠤ︖ ᠭᠡᠮ ᠦᠭᠡᠢ ᠴᠢᠰᠤ ᠤᠷᠤᠰᠬᠠᠭᠰᠠᠨ ᠭᠡᠮ ᠢ ᠥᠪᠡᠷ ᠦᠨ ᠢᠶᠠᠨ ᠠᠷᠠᠳ ᠲᠦᠮᠡᠨ ᠢᠰᠷᠧᠯ ᠳᠤ ᠪᠦᠦ ᠲᠣᠬᠣᠭᠠᠴᠢ》 ᠭᠡᠵᠦ ᠬᠡᠯᠡᠬᠦ ᠶᠣᠰᠣᠲᠠᠢ᠃ ᠲᠡᠭᠡᠪᠡᠯ ᠲᠡᠷᠡ ᠴᠢᠰᠤ ᠤᠷᠤᠰᠬᠠᠭᠰᠠᠨ ᠭᠡᠮ ᠡᠴᠡ ᠬᠡᠯᠲᠦᠷᠢᠬᠦ ᠪᠣᠯᠣᠨ᠎ᠠ᠃ 9 ᠲᠡᠢᠨ ᠬᠦ ᠴᠢ ᠶᠣᠬᠣᠸᠠ ᠶᠢᠨ ᠮᠡᠯᠮᠡᠢ ᠳᠦ ᠵᠥᠪ ᠰᠢᠳᠤᠷᠭᠤ ᠶᠢ ᠬᠢᠵᠦ᠂ ᠭᠡᠮ ᠦᠭᠡᠢ ᠴᠢᠰᠤ ᠤᠷᠤᠰᠬᠠᠭᠰᠠᠨ ᠭᠡᠮ ᠢ ᠳᠤᠮᠳᠠ ᠠᠴᠠ ᠪᠠᠨ ᠵᠠᠢᠯᠠᠭᠤᠯᠬᠤ ᠶᠣᠰᠣᠲᠠᠢ᠃
 ᠣᠯᠵᠠᠯᠠᠭᠳᠠᠭᠰᠠᠨ ᠡᠮᠡᠭᠲᠡᠢ ᠶᠢᠨ ᠲᠤᠬᠠᠢ ᠵᠢᠷᠤᠮ

10 ᠴᠢ ᠳᠠᠢᠰᠤᠨ ᠨᠤᠭᠤᠳ ᠲᠠᠢ ᠪᠠᠨ ᠲᠤᠯᠤᠯᠳᠤᠬᠤ ᠪᠠᠷ ᠶᠠᠪᠤᠬᠤ ᠳᠤ᠂ ᠴᠢᠨᠦ ᠪᠤᠷᠬᠠᠨ ᠶᠣᠬᠣᠸᠠ ᠲᠡᠳᠡᠨ ᠢ ᠭᠠᠷ ᠲᠤ ᠴᠢᠨᠢ ᠲᠤᠰᠢᠶᠠᠬᠤ ᠲᠤᠯᠠ ᠲᠡᠳᠡᠨ ᠢ ᠣᠯᠵᠠᠯᠠᠨ ᠠᠪᠬᠤ ᠦᠶ᠎ᠡ ᠳᠦ᠂ 11 ᠣᠯᠵᠠᠯᠠᠭᠳᠠᠭᠰᠠᠳ ᠤᠨ ᠳᠤᠮᠳᠠᠬᠢ ᠦᠵᠡᠰᠬᠦᠯᠡᠩ ᠲᠡᠢ ᠪᠦᠰᠡᠭᠦᠢ ᠶᠢ ᠬᠠᠷᠠᠭᠠᠳ ᠲᠡᠭᠦᠨ ᠳᠦ ᠰᠡᠳᠬᠢᠯ ᠲᠠᠲᠠᠭᠳᠠᠪᠠᠯ᠂ ᠲᠡᠭᠦᠨ ᠢ ᠡᠬᠡᠨᠡᠷ ᠢᠶᠡᠨ ᠪᠣᠯᠭᠠᠨ ᠠᠪᠴᠤ ᠪᠣᠯᠣᠨ᠎ᠠ᠃ 12 ᠲᠡᠭᠦᠨ ᠢ ᠴᠢ ᠭᠡᠷ ᠲᠡᠭᠡᠨ ᠠᠪᠴᠢᠷᠠᠬᠤ ᠪᠥᠭᠡᠳ ᠲᠡᠷᠡ ᠪᠦᠰᠡᠭᠦᠢ ᠦᠰᠦ ᠪᠡᠨ ᠬᠤᠰᠤᠵᠤ ᠬᠢᠮᠤᠰᠤ ᠪᠠᠨ ᠠᠪᠴᠤ᠂ 13 ᠣᠯᠵᠠᠯᠠᠭᠳᠠᠭᠴᠢ ᠶᠢᠨ ᠬᠤᠪᠴᠠᠰᠤ ᠪᠠᠨ ᠣᠷᠬᠢᠨ᠂ ᠭᠡᠷ ᠲᠦ ᠴᠢᠨᠢ ᠰᠠᠭᠤᠭᠠᠳ ᠡᠴᠢᠭᠡ ᠡᠬᠡ ᠶᠢᠨ ᠢᠶᠠᠨ ᠠᠷᠤ ᠠᠴᠠ ᠪᠦᠲᠦᠨ ᠰᠠᠷ᠎ᠠ ᠭᠠᠰᠢᠭᠤᠳᠠᠭᠰᠠᠨ ᠤ ᠳᠠᠷᠠᠭ᠎ᠠ᠂ ᠴᠢ ᠲᠡᠭᠦᠨ ᠳᠡᠭᠡᠷ᠎ᠡ ᠣᠷᠣᠵᠤ ᠨᠥᠬᠥᠷ ᠨᠢ ᠪᠣᠯᠵᠤ᠂ ᠲᠡᠷᠡ ᠴᠢᠨᠦ ᠡᠬᠡᠨᠡᠷ ᠪᠣᠯᠣᠨ᠎ᠠ᠃ 14 ᠬᠡᠷᠪᠡ ᠲᠡᠷᠡ ᠪᠦᠰᠡᠭᠦᠢ ᠴᠢᠮ᠎ᠠ ᠳᠤ ᠲᠠᠭᠠᠯᠠᠭᠳᠠᠬᠤ ᠦᠭᠡᠢ ᠪᠠᠢᠪᠠᠯ᠂ ᠴᠢ ᠲᠡᠭᠦᠨ ᠢ ᠳᠤᠷᠠᠲᠠᠢ ᠵᠦᠭ ᠲᠤᠨᠢ ᠶᠠᠪᠤᠭᠤᠯ᠃ ᠬᠠᠷᠢᠨ ᠴᠢ ᠲᠡᠭᠦᠨ ᠢ ᠮᠥᠩᠭᠥ ᠪᠡᠷ ᠬᠤᠳᠠᠯᠳᠤᠵᠤ ᠣᠭᠲᠣ ᠪᠣᠯᠬᠤ ᠦᠭᠡᠢ︕ ᠴᠢ ᠲᠡᠭᠦᠨ ᠢ ᠪᠤᠵᠠᠷᠲᠤᠭᠤᠯᠤᠭᠰᠠᠨ ᠤᠴᠢᠷ ᠠᠴᠠ ᠲᠡᠭᠦᠨ ᠳᠦ ᠪᠣᠭᠣᠯ ᠳᠤ ᠬᠠᠨᠳᠤᠬᠤ ᠰᠢᠭ᠋ ᠬᠠᠨᠳᠤᠵᠤ ᠪᠣᠯᠬᠤ ᠦᠭᠡᠢ᠃
 ᠤᠤᠭᠠᠨ ᠬᠦᠦ ᠶᠢᠨ ᠡᠷᠬᠡ

15 ᠬᠡᠷᠪᠡ ᠬᠥᠮᠦᠨ ᠬᠣᠶᠠᠷ ᠡᠬᠡᠨᠡᠷ ᠲᠡᠢ ᠪᠥᠭᠡᠳ ᠨᠢᠭᠡᠨ ᠳᠦᠨᠢ ᠬᠠᠢᠷᠠᠲᠠᠢ᠂ ᠨᠥᠭᠥᠭᠡ ᠳᠦᠨᠢ ᠬᠠᠢᠷ᠎ᠠ ᠦᠭᠡᠢ ᠠᠲᠠᠯ᠎ᠠ ᠬᠠᠢᠷᠠᠲᠠᠢ᠂ ᠬᠠᠢᠷ᠎ᠠ ᠦᠭᠡᠢ ᠬᠣᠶᠠᠷ ᠡᠬᠡᠨᠡᠷ ᠨᠢ ᠬᠣᠶᠠᠭᠤᠯᠠ ᠪᠠᠨ ᠲᠡᠭᠦᠨ ᠳᠦ ᠬᠥᠪᠡᠭᠦᠨ ᠲᠥᠷᠥᠭᠦᠯᠦᠨ ᠥᠭᠭᠥᠭᠰᠡᠨ ᠨᠥᠬᠥᠴᠡᠯ ᠳᠦ᠂ ᠤᠤᠭᠠᠨ ᠬᠦᠦ ᠨᠢ ᠬᠠᠢᠷ᠎ᠠ ᠦᠭᠡᠢ ᠡᠬᠡᠨᠡᠷ ᠡᠴᠡ ᠨᠢ ᠭᠠᠷᠤᠭᠰᠠᠨ ᠪᠠᠢᠪᠠᠯ᠂ 16 ᠬᠥᠪᠡᠭᠦᠳ ᠲᠡᠭᠡᠨ ᠥᠮᠴᠢ ᠪᠠᠨ ᠥᠪᠯᠡᠭᠦᠯᠬᠦ ᠡᠳᠦᠷ ᠢᠶᠡᠷ᠂ ᠲᠡᠷᠡ ᠬᠥᠮᠦᠨ ᠬᠠᠢᠷ᠎ᠠ ᠦᠭᠡᠢ ᠡᠬᠡᠨᠡᠷ ᠡᠴᠡ ᠪᠡᠨ ᠭᠠᠷᠤᠭᠰᠠᠨ ᠵᠢᠩᠬᠢᠨᠢ ᠤᠤᠭᠠᠨ ᠬᠦᠦ ᠶᠢᠨ ᠡᠮᠦᠨᠡᠭᠦᠷ ᠬᠠᠢᠷᠠᠲᠠᠢ ᠡᠬᠡᠨᠡᠷ ᠡᠴᠡ ᠪᠡᠨ ᠭᠠᠷᠤᠭᠰᠠᠨ ᠬᠦᠦ ᠳᠦ ᠤᠤᠭᠠᠨ ᠬᠦᠦ ᠶᠢᠨ ᠡᠷᠬᠡ ᠶᠢ ᠣᠯᠭᠣᠵᠤ ᠪᠣᠯᠬᠤ ᠦᠭᠡᠢ᠃ 17 ᠬᠠᠷᠢᠨ ᠬᠠᠢᠷ᠎ᠠ ᠦᠭᠡᠢ ᠡᠬᠡᠨᠡᠷ ᠡᠴᠡ ᠭᠠᠷᠤᠭᠰᠠᠨ ᠬᠦᠦ ᠶᠢᠨ ᠢᠶᠠᠨ ᠤᠤᠭᠠᠨ ᠬᠦᠦ ᠭᠡᠳᠡᠭ ᠢ ᠬᠦᠯᠢᠶᠡᠨ ᠵᠥᠪᠰᠢᠶᠡᠷᠡᠵᠦ᠂ ᠪᠦᠬᠦ ᠥᠮᠴᠢ ᠡᠴᠡ ᠪᠡᠨ ᠲᠡᠭᠦᠨ ᠳᠦ ᠬᠣᠶᠠᠷ ᠳᠠᠬᠢᠨ ᠢᠯᠡᠭᠦᠦ ᠬᠤᠪᠢ ᠶᠢ ᠣᠯᠭᠣᠬᠤ ᠶᠣᠰᠣᠲᠠᠢ᠃ ᠲᠡᠷᠡ ᠬᠦᠦ ᠴᠢᠨᠦ ᠡᠷ᠎ᠡ ᠴᠢᠳᠠᠯ ᠤᠨ ᠣᠬᠢ ᠪᠣᠯᠬᠣᠷ ᠤᠤᠭᠠᠨ ᠬᠦᠦ ᠶᠢᠨ ᠡᠷᠬᠡ ᠲᠡᠭᠦᠨ ᠳᠦ ᠪᠤᠢ᠃
 ᠲᠡᠷᠰᠯᠡᠭᠦᠦ ᠬᠡᠦᠬᠡᠳ

18 ᠡᠴᠢᠭᠡ ᠡᠬᠡ ᠶᠢᠨ ᠢᠶᠠᠨ ᠦᠭᠡ ᠶᠢ ᠳᠠᠭᠠᠳᠠᠭ ᠦᠭᠡᠢ᠂ ᠵᠥᠷᠢᠭᠦᠳ᠂ ᠲᠡᠷᠰᠯᠡᠭᠦᠦ ᠬᠦᠦ ᠲᠠᠢ ᠬᠥᠮᠦᠨ ᠬᠦᠦ ᠪᠡᠨ ᠵᠠᠩᠨᠠᠳᠠᠭ ᠪᠠᠢᠭᠰᠠᠨ ᠴᠤ ᠬᠦᠦ ᠨᠢ ᠳᠤᠭᠤᠯᠭᠠᠪᠤᠷᠢ ᠦᠭᠡᠢ ᠬᠡᠪ ᠢᠶᠡᠷ ᠪᠠᠢᠪᠠᠯ 19 ᠡᠴᠢᠭᠡ ᠡᠬᠡ ᠨᠢ ᠲᠡᠭᠦᠨ ᠢ ᠪᠠᠷᠢᠵᠤ᠂ ᠬᠣᠲᠠ ᠶᠢᠨ ᠢᠶᠠᠨ ᠬᠠᠭᠠᠯᠭ᠎ᠠ ᠤᠷᠤᠭᠤ ᠠᠬᠠᠮᠠᠳ ᠤᠳ ᠲᠠᠭᠠᠨ ᠠᠪᠴᠢᠷᠠᠭᠠᠳ 20 ᠠᠬᠠᠮᠠᠳ ᠤᠳ ᠲᠠᠭᠠᠨ᠄ 《ᠮᠠᠨ ᠤ ᠡᠨᠡ ᠬᠦᠦ ᠵᠥᠷᠢᠭᠦᠳ᠂ ᠲᠡᠷᠰᠯᠡᠭᠦᠦ ᠪᠣᠯᠬᠣᠷ ᠮᠠᠨ ᠤ ᠦᠭᠡ ᠶᠢ ᠳᠠᠭᠠᠳᠠᠭ ᠦᠭᠡᠢ᠂ ᠲᠠᠩ᠋ᠬᠠᠢ᠂ ᠠᠷᠢᠬᠢᠴᠢᠨ ᠶᠤᠮ》 ᠭᠡᠪᠡᠰᠦ᠂ 21 ᠬᠣᠲᠠ ᠶᠢᠨ ᠬᠢᠨ ᠪᠦᠭᠦᠳᠡᠭᠡᠷ ᠢᠶᠡᠨ ᠲᠡᠭᠦᠨ ᠤᠷᠤᠭᠤ ᠴᠢᠯᠠᠭᠤ ᠰᠢᠳᠡᠨ ᠠᠯᠠᠬᠤ ᠶᠣᠰᠣᠲᠠᠢ᠃ ᠡᠢᠨ ᠬᠦ ᠴᠢ ᠳᠤᠮᠳᠠ ᠠᠴᠠ ᠪᠠᠨ ᠮᠠᠭᠤ ᠶᠠᠪᠤᠳᠠᠯ ᠢ ᠵᠠᠢᠯᠠᠭᠤᠯ᠃ ᠲᠡᠭᠡᠪᠡᠯ ᠪᠦᠬᠦ ᠢᠰᠷᠧᠯ ᠰᠣᠨᠣᠰᠣᠭᠠᠳ ᠠᠶᠤᠬᠤ ᠪᠣᠯᠣᠨ᠎ᠠ᠃
 ᠪᠤᠰᠤᠳ ᠵᠢᠷᠤᠮ

22 ᠦᠬᠦᠪᠡᠯ ᠵᠣᠬᠢᠬᠤ ᠨᠢᠭᠦᠯ ᠦᠢᠯᠡᠳᠦᠭᠰᠡᠨ ᠬᠥᠮᠦᠨ ᠢ ᠴᠠᠭᠠᠵᠠᠯᠠᠵᠤ᠂ ᠲᠡᠭᠦᠨ ᠢ ᠮᠣᠳᠣᠨ ᠳᠤ ᠡᠯᠭᠦᠬᠦ ᠲᠣᠬᠢᠶᠠᠯᠳᠤᠯ ᠳᠤ᠂ 23 ᠬᠡᠭᠦᠷ ᠢ ᠨᠢ ᠮᠣᠳᠣᠨ ᠳᠡᠭᠡᠷ᠎ᠡ ᠰᠥᠨᠢᠵᠢᠨ ᠪᠠᠢᠯᠭᠠᠵᠤ ᠪᠣᠯᠬᠤ ᠦᠭᠡᠢ᠂ ᠲᠡᠭᠦᠨ ᠢ ᠵᠠᠪᠠᠯ ᠲᠡᠷᠡ ᠡᠳᠦᠷ ᠲᠤᠨᠢ ᠪᠤᠯᠠᠰᠢᠯᠠ᠃ ᠮᠣᠳᠣᠨ ᠳᠡᠭᠡᠷ᠎ᠡ ᠡᠯᠭᠦᠭᠳᠡᠭᠰᠡᠨ ᠨᠢ ᠪᠤᠷᠬᠠᠨ ᠳᠤ ᠬᠠᠷᠢᠶᠠᠭᠳᠠᠭᠰᠠᠨ ᠠᠵᠢ᠂ ᠶᠣᠬᠣᠸᠠ ᠪᠤᠷᠬᠠᠨ ᠤ ᠪᠠᠨ ᠴᠢᠮ᠎ᠠ ᠳᠤ ᠥᠪᠯᠡᠭᠦᠯᠬᠦ ᠭᠠᠵᠠᠷ ᠢ ᠲᠡᠭᠡᠵᠦ ᠪᠤᠵᠠᠷᠯᠠᠵᠤ ᠪᠣᠯᠬᠤ ᠦᠭᠡᠢ᠃