ᠳᠡᠳ᠋ ᠬᠠᠤᠯᠢ ᠠᠷᠪᠠᠨ ᠳᠥᠷᠪᠡ
ᠴᠡᠭᠡᠷ ᠲᠡᠢ ᠶᠣᠰᠣ ᠵᠠᠩᠰᠢᠯ
1 ᠲᠠ ᠨᠠᠷ ᠪᠣᠯ ᠶᠣᠬᠣᠸᠠ ᠪᠤᠷᠬᠠᠨ ᠤ ᠪᠠᠨ ᠬᠡᠦᠬᠡᠳ ᠤᠳ ᠮᠥᠨ᠃ ᠦᠬᠦᠭᠰᠡᠳ ᠦᠨ ᠢᠶᠠᠨ ᠤᠯᠠᠮ ᠢᠶᠠᠷ ᠪᠡᠶ᠎ᠡ ᠪᠡᠨ ᠪᠦᠦ ᠵᠦᠰᠦ᠃ ᠨᠢᠳᠦᠨ ᠦ ᠪᠠᠨ ᠬᠣᠭᠣᠷᠣᠨᠳᠣ ᠪᠦᠦ ᠬᠤᠰᠤ᠃ 2 ᠴᠢ ᠪᠣᠯ ᠶᠣᠬᠣᠸᠠ ᠪᠤᠷᠬᠠᠨ ᠤ ᠪᠠᠨ ᠠᠷᠢᠭᠤᠨ ᠠᠷᠠᠳ ᠲᠦᠮᠡᠨ ᠶᠤᠮ᠃ ᠳᠡᠯᠡᠬᠡᠢ ᠳᠡᠭᠡᠷᠡᠬᠢ ᠬᠠᠮᠤᠭ ᠦᠨᠳᠦᠰᠦᠲᠡᠨ ᠡᠴᠡ ᠶᠣᠬᠣᠸᠠ ᠴᠢᠮᠠᠶᠢ ᠰᠢᠯᠢᠨ ᠠᠪᠴᠤ ᠥᠪᠡᠷ ᠦᠨ ᠢᠶᠠᠨ ᠨᠠᠨᠳᠢᠨ ᠥᠪ ᠪᠣᠯᠭᠠᠭᠰᠠᠨ ᠪᠢᠯᠡ᠃
ᠠᠷᠢᠭᠤᠨ ᠬᠢᠭᠡᠳ ᠠᠷᠢᠭᠤᠨ ᠪᠤᠰᠤ ᠬᠣᠭᠣᠯᠠ
3 ᠴᠢ ᠶᠠᠮᠠᠷ ᠴᠤ ᠵᠢᠭ᠍ᠰᠢᠮᠡᠷ ᠪᠤᠵᠠᠷ ᠵᠦᠢᠯ ᠢ ᠪᠦᠦ ᠢᠳᠡ᠃ 4 ᠲᠠ ᠨᠠᠷ ᠤᠨ ᠢᠳᠡᠵᠦ ᠪᠣᠯᠬᠤ ᠠᠮᠢᠲᠠᠳ ᠭᠡᠪᠡᠯ᠂ ᠦᠬᠡᠷ᠂ ᠬᠣᠨᠢ᠂ ᠢᠮᠠᠭ᠎ᠠ᠂ 5 ᠪᠤᠭᠤ᠂ ᠵᠡᠭᠡᠷ᠎ᠡ᠂ ᠤᠯᠠᠭᠠᠨ ᠪᠤᠭᠤ᠂ ᠵᠡᠷᠯᠢᠭ ᠢᠮᠠᠭ᠎ᠠ᠂ ᠶᠠᠩᠭᠢᠷ᠂ ᠤᠷᠲᠤ ᠡᠪᠡᠷ ᠲᠡᠢ ᠭᠥᠷᠥᠭᠡᠰᠦ᠂ ᠠᠷᠭᠠᠯᠢ ᠶᠤᠮ᠃ 6 ᠠᠮᠢᠲᠠᠳ ᠤᠨ ᠳᠤᠮᠳᠠ ᠠᠴᠠ ᠲᠤᠭᠤᠷᠠᠢ ᠨᠢ ᠰᠠᠯᠠᠭ᠎ᠠ ᠲᠠᠢ ᠠᠴᠠ ᠲᠤᠭᠤᠷᠠᠢᠲᠠᠨ᠂ ᠬᠡᠪᠢᠳᠡᠭ ᠠᠮᠢᠲᠠᠨ ᠪᠦᠷᠢ ᠶᠢ ᠢᠳᠡᠵᠦ ᠪᠣᠯᠣᠨ᠎ᠠ᠃ 7 ᠬᠠᠷᠢᠨ ᠡᠰᠡᠪᠡᠯ ᠬᠡᠪᠢᠳᠡᠭ᠂ ᠡᠰᠡᠪᠡᠯ ᠠᠴᠠ ᠲᠤᠭᠤᠷᠠᠢ ᠲᠠᠢ ᠠᠮᠢᠲᠠᠳ ᠢ ᠪᠦᠦ ᠢᠳᠡ᠃ ᠲᠡᠮᠡᠭᠡ᠂ ᠲᠠᠤᠯᠠᠢ᠂ ᠬᠠᠳᠠᠨ ᠤ ᠳᠣᠷᠣᠭᠣ ᠨᠢ ᠬᠡᠪᠢᠳᠡᠭ ᠪᠣᠯᠪᠠᠴᠤ ᠰᠠᠯᠠᠭ᠎ᠠ ᠲᠤᠭᠤᠷᠠᠢ ᠦᠭᠡᠢ ᠪᠣᠯᠬᠣᠷ ᠲᠠ ᠨᠠᠷ ᠲᠤ ᠪᠤᠵᠠᠷ᠂ 8 ᠮᠥᠨ ᠭᠠᠬᠠᠢ ᠨᠢ ᠠᠴᠠ ᠲᠤᠭᠤᠷᠠᠢᠲᠠᠨ ᠪᠣᠯᠪᠠᠴᠤ ᠬᠡᠪᠢᠳᠡᠭ ᠦᠭᠡᠢ ᠤᠴᠢᠷ ᠲᠠ ᠨᠠᠷ ᠲᠤ ᠪᠤᠵᠠᠷ᠃ ᠲᠠ ᠨᠠᠷ ᠡᠳᠡᠭᠡᠷ ᠦᠨ ᠮᠢᠬ᠎ᠠ ᠶᠢ ᠪᠦᠦ ᠢᠳᠡ᠂ ᠦᠬᠦᠳᠡᠯ ᠳᠦᠨᠢ ᠴᠤ ᠪᠦᠦ ᠬᠦᠷ᠃
9 ᠤᠰᠤᠨ ᠳᠣᠲᠣᠷ᠎ᠠ ᠪᠠᠢᠳᠠᠭ ᠪᠦᠬᠦᠨ ᠡᠴᠡ ᠰᠡᠷᠪᠡᠭᠡ ᠲᠠᠢ᠂ ᠬᠠᠢᠷᠰᠤ ᠲᠠᠢ ᠪᠣᠯᠭᠠᠨ ᠢ ᠨᠢ ᠢᠳᠡᠵᠦ ᠪᠣᠯᠣᠨ᠎ᠠ᠃ 10 ᠬᠠᠷᠢᠨ ᠶᠠᠮᠠᠷ ᠴᠤ ᠰᠡᠷᠪᠡᠭᠡ ᠦᠭᠡᠢ᠂ ᠬᠠᠢᠷᠰᠤ ᠦᠭᠡᠢ ᠵᠦᠢᠯ ᠢ ᠪᠦᠦ ᠢᠳᠡ᠃ ᠡᠳᠡᠭᠡᠷ ᠨᠢ ᠲᠠ ᠨᠠᠷ ᠲᠤ ᠪᠤᠵᠠᠷ᠃
11 ᠲᠠ ᠨᠠᠷ ᠠᠯᠢᠪᠠ ᠴᠡᠪᠡᠷ ᠰᠢᠪᠠᠭᠤ ᠶᠢ ᠢᠳᠡᠵᠦ ᠪᠣᠯᠣᠨ᠎ᠠ᠃ 12 ᠢᠳᠡᠵᠦ ᠪᠣᠯᠬᠤ ᠦᠭᠡᠢ ᠰᠢᠪᠠᠭᠤᠳ ᠨᠢ᠂ ᠪᠦᠷᠭᠦᠳ᠂ ᠲᠠᠰ᠂ ᠶᠣᠯᠣ᠂ 13 ᠤᠯᠠᠭᠠᠨ ᠱᠣᠩ᠋ᠬᠣᠷ᠂ ᠡᠯᠢᠶ᠎ᠡ᠂ ᠱᠣᠩ᠋ᠬᠣᠷ ᠤᠨ ᠪᠦᠬᠦ ᠲᠥᠷᠥᠯ᠂ 14 ᠬᠡᠷᠢᠶ᠎ᠡ ᠶᠢᠨ ᠪᠦᠬᠦ ᠲᠥᠷᠥᠯ᠂ 15 ᠲᠡᠮᠡᠭᠡᠨ ᠬᠢᠷᠭᠤᠤᠯ᠂ ᠰᠢᠷ᠎ᠠ ᠰᠢᠪᠠᠭᠤ᠂ ᠴᠠᠬᠤᠯᠠᠢ ᠪᠠ ᠬᠠᠷᠴᠠᠭᠠᠢ ᠶᠢᠨ ᠲᠥᠷᠥᠯ ᠤᠳ᠂ 16 ᠣᠭᠣᠯᠢ᠂ ᠴᠠᠭᠠᠨ ᠬᠦᠵᠦᠭᠦᠲᠦ ᠲᠠᠰ᠂ ᠬᠤᠨ᠂ 17 ᠬᠣᠲᠠᠨ᠂ ᠬᠦᠷᠡᠩ ᠰᠢᠪᠠᠭᠤ᠂ ᠬᠠᠷ᠎ᠠ ᠭᠠᠯᠠᠭᠤ᠂ 18 ᠥᠷᠪᠢ ᠲᠠᠰ᠂ ᠬᠥᠬᠡ ᠳᠡᠭᠡᠯᠡᠢ ᠶᠢᠨ ᠲᠥᠷᠥᠯ ᠤᠳ᠂ ᠥᠪᠥᠭᠡᠯᠵᠢ᠂ ᠰᠠᠷᠢᠰᠤᠨ ᠪᠠᠭᠪᠠᠬᠠᠢ ᠶᠤᠮ᠃ 19 ᠨᠢᠰᠳᠡᠭ ᠬᠣᠷᠣᠬᠠᠢ ᠰᠢᠪᠠᠵᠢ ᠪᠦᠬᠦᠨ ᠲᠠ ᠨᠠᠷ ᠲᠤ ᠪᠤᠵᠠᠷ᠃ ᠲᠡᠳᠡᠭᠡᠷ ᠢ ᠪᠦᠦ ᠢᠳᠡ᠃ 20 ᠬᠠᠷᠢᠨ ᠠᠯᠢᠪᠠ ᠴᠡᠪᠡᠷ ᠰᠢᠪᠠᠭᠤ ᠶᠢ ᠲᠠ ᠨᠠᠷ ᠢᠳᠡᠵᠦ ᠪᠣᠯᠣᠨ᠎ᠠ᠃
21 ᠲᠠ ᠨᠠᠷ ᠪᠣᠯ ᠶᠣᠬᠣᠸᠠ ᠪᠤᠷᠬᠠᠨ ᠤ ᠪᠠᠨ ᠠᠷᠢᠭᠤᠨ ᠠᠷᠠᠳ ᠲᠦᠮᠡᠨ ᠤᠴᠢᠷ ᠠᠴᠠ ᠠᠶᠠᠨᠳᠠᠭᠠᠨ ᠦᠬᠦᠭᠰᠡᠨ ᠠᠯᠢᠪᠠ ᠠᠮᠢᠲᠠᠨ ᠢ ᠪᠦᠦ ᠢᠳᠡ᠃ ᠬᠠᠷᠢᠨ ᠲᠡᠭᠦᠨ ᠢ ᠲᠠᠨ ᠤ ᠳᠤ ᠲᠦᠷ ᠰᠠᠭᠤᠳᠠᠭ ᠬᠠᠷᠢ ᠶᠢᠨ ᠬᠥᠮᠦᠨ ᠳᠦ ᠥᠭᠭᠥᠨ ᠢᠳᠡᠭᠦᠯᠵᠦ᠂ ᠡᠰᠡᠪᠡᠯ ᠭᠠᠳᠠᠨ᠎ᠠ ᠶᠢᠨ ᠬᠥᠮᠦᠨ ᠳᠦ ᠬᠤᠳᠠᠯᠳᠤᠵᠤ ᠪᠣᠯᠣᠨ᠎ᠠ᠃ ᠴᠢ ᠢᠰᠢᠭᠡ ᠶᠢ ᠡᠬᠡ ᠶᠢᠨ ᠬᠢᠨᠢ ᠰᠦ᠋ ᠳᠤ ᠪᠦᠦ ᠴᠢᠨᠠ᠃
ᠠᠷᠪᠠᠨ ᠤ ᠨᠢᠭᠡ ᠶᠢᠨ ᠡᠷᠭᠦᠯ
22 ᠵᠢᠯ ᠪᠦᠷᠢ ᠲᠠᠯᠠᠪᠠᠢ ᠶᠢᠨ ᠢᠶᠠᠨ ᠦᠷ᠎ᠡ᠂ ᠤᠷᠭᠤᠴᠠ ᠪᠦᠷᠢ ᠶᠢᠨ ᠠᠷᠪᠠᠨ ᠤ ᠨᠢᠭᠡ ᠶᠢ ᠵᠠᠪᠠᠯ ᠡᠷᠭᠦ᠃ 23 ᠴᠢ ᠦᠷ᠎ᠡ ᠲᠠᠷᠢᠶ᠎ᠠ᠂ ᠰᠢᠨ᠎ᠡ ᠳᠠᠷᠠᠰᠤ᠂ ᠲᠣᠰᠣᠨ ᠤ ᠪᠠᠨ ᠠᠷᠪᠠᠨ ᠤ ᠨᠢᠭᠡ ᠶᠢ᠂ ᠪᠣᠳᠠ ᠪᠣᠭ ᠮᠠᠯ ᠤᠨ ᠢᠶᠠᠨ ᠤᠤᠭᠠᠨ ᠲᠥᠯ ᠲᠡᠢ ᠬᠠᠮᠲᠤ ᠶᠣᠬᠣᠸᠠ ᠪᠤᠷᠬᠠᠨ ᠤ ᠪᠠᠨ ᠡᠮᠦᠨ᠎ᠡ ᠢᠳᠡᠬᠦ ᠶᠣᠰᠣᠲᠠᠢ᠃ ᠲᠡᠢᠨ ᠬᠦ ᠴᠢ ᠶᠣᠬᠣᠸᠠ ᠪᠤᠷᠬᠠᠨ ᠠᠴᠠ ᠪᠠᠨ ᠴᠠᠭ ᠦᠷᠭᠦᠯᠵᠢ ᠡᠮᠢᠶᠡᠬᠦ ᠶᠢ ᠰᠤᠷᠬᠤ ᠪᠣᠯᠣᠨ᠎ᠠ᠃ 24 ᠲᠠᠨ ᠤ ᠪᠤᠷᠬᠠᠨ ᠶᠣᠬᠣᠸᠠ ᠴᠢᠮᠠᠶᠢ ᠢᠪᠡᠭᠡᠭᠰᠡᠨ ᠪᠠᠢᠬᠤ ᠳᠤ᠂ ᠪᠤᠷᠬᠠᠨ ᠶᠣᠬᠣᠸᠠ ᠶᠢᠨ ᠨᠡᠷ᠎ᠡ ᠪᠡᠨ ᠲᠠᠯᠪᠢᠬᠤ ᠪᠠᠷ ᠰᠢᠯᠢᠵᠦ ᠠᠪᠤᠭᠰᠠᠨ ᠲᠡᠷᠡ ᠭᠠᠵᠠᠷ ᠴᠢᠮ᠎ᠠ ᠠᠴᠠ ᠬᠣᠯᠠ ᠤᠴᠢᠷ ᠠᠷᠪᠠᠨ ᠤ ᠨᠢᠭᠡ ᠪᠡᠨ ᠲᠡᠭᠡᠭᠡᠵᠦ ᠬᠦᠷᠭᠡᠵᠦ ᠴᠢᠳᠠᠬᠤ ᠦᠭᠡᠢ ᠪᠣᠯ᠂ 25 ᠲᠡᠭᠦᠨ ᠢ ᠪᠠᠨ ᠮᠥᠩᠭᠥ ᠪᠡᠷ ᠰᠣᠯᠢᠵᠤ᠂ ᠲᠡᠷᠡ ᠮᠥᠩᠭᠥ ᠶᠢ ᠭᠠᠷ ᠲᠠᠭᠠᠨ ᠠᠪᠤᠭᠠᠳ ᠶᠣᠬᠣᠸᠠ ᠪᠤᠷᠬᠠᠨ ᠤ ᠪᠠᠨ ᠰᠢᠯᠢᠵᠦ ᠠᠪᠤᠭᠰᠠᠨ ᠲᠡᠷᠡ ᠭᠠᠵᠠᠷ ᠤᠷᠤᠭᠤ ᠣᠴᠢ᠃ 26 ᠲᠡᠭᠡᠭᠡᠳ ᠴᠢ ᠲᠡᠷᠡ ᠮᠥᠩᠭᠥ ᠪᠡᠷ ᠢᠶᠠᠨ ᠳᠤᠷᠠᠲᠠᠢ ᠪᠠᠨ ᠬᠤᠳᠠᠯᠳᠤᠵᠤ ᠠᠪ᠃ ᠦᠬᠡᠷ᠂ ᠬᠣᠨᠢ᠂ ᠳᠠᠷᠠᠰᠤ᠂ ᠠᠷᠢᠬᠢ ᠡᠴᠡ ᠳᠤᠷᠠᠲᠠᠢ ᠪᠠᠨ ᠠᠪᠤᠭᠠᠳ ᠭᠡᠷ ᠪᠦᠯᠢ ᠶᠢᠨ ᠬᠢᠨ ᠲᠠᠢ ᠪᠠᠨ ᠲᠡᠨᠳᠡ ᠶᠣᠬᠣᠸᠠ ᠪᠤᠷᠬᠠᠨ ᠤ ᠪᠠᠨ ᠡᠮᠦᠨ᠎ᠡ ᠬᠣᠭᠣᠯᠠᠯᠠᠵᠤ ᠪᠠᠶᠠᠰᠤᠭᠲᠤᠨ᠃ 27 ᠬᠠᠷᠢᠨ ᠴᠢ ᠲᠠᠨ ᠤ ᠲᠡᠨᠳᠡ ᠰᠠᠭᠤᠳᠠᠭ ᠯᠧᠸᠢᠴᠦᠳ ᠢ ᠪᠦᠦ ᠣᠷᠬᠢ᠂ ᠲᠡᠳᠡ ᠲᠠ ᠨᠠᠷ ᠤᠨ ᠳᠤᠮᠳᠠ ᠥᠪ ᠴᠤ᠂ ᠬᠤᠪᠢ ᠴᠤ ᠦᠭᠡᠢ ᠪᠠᠢᠳᠠᠭ᠃
28 ᠴᠢ ᠭᠤᠷᠪᠠᠨ ᠵᠢᠯ ᠲᠤᠲᠤᠮ ᠳᠤ ᠵᠢᠯ ᠤᠨ ᠡᠴᠦᠰ ᠢᠶᠡᠷ᠂ ᠲᠡᠷᠡ ᠵᠢᠯ ᠤᠨ ᠢᠶᠠᠨ ᠤᠷᠭᠤᠴᠠ ᠶᠢᠨ ᠠᠷᠪᠠᠨ ᠤ ᠨᠢᠭᠡ ᠶᠢ ᠭᠠᠷᠭᠠᠨ ᠲᠡᠨᠳᠡ ᠪᠡᠨ ᠬᠠᠳᠠᠭᠠᠯᠠᠵᠤ 29 ᠲᠠ ᠨᠠᠷ ᠤᠨ ᠳᠤᠮᠳᠠ ᠥᠪ ᠬᠤᠪᠢ ᠦᠭᠡᠢ᠂ ᠲᠠᠨ ᠤ ᠲᠡᠨᠳᠡ ᠰᠠᠭᠤᠳᠠᠭ ᠯᠧᠸᠢᠴᠦᠳ᠂ ᠮᠥᠨ ᠬᠠᠷᠢ ᠶᠢᠨ ᠬᠥᠮᠦᠨ᠂ ᠥᠨᠥᠴᠢᠨ ᠬᠡᠦᠬᠡᠳ᠂ ᠪᠡᠯᠪᠡᠰᠦᠨ ᠡᠮᠡᠭᠲᠡᠢ ᠶᠢ ᠢᠷᠡᠭᠦᠯᠵᠦ᠂ ᠬᠣᠭᠣᠯᠠᠯᠠᠨ ᠴᠠᠳᠬᠠ᠃ ᠴᠢᠨᠦ ᠪᠤᠷᠬᠠᠨ ᠶᠣᠬᠣᠸᠠ ᠭᠠᠷ ᠤᠨ ᠴᠢᠨᠢ ᠪᠦᠬᠦ ᠠᠵᠢᠯ ᠳᠡᠭᠡᠷ᠎ᠡ ᠴᠢᠮᠠᠶᠢ ᠢᠪᠡᠭᠡᠬᠦ ᠪᠣᠯᠣᠨ᠎ᠠ᠃