ᠳᠡᠳ᠋ ᠬᠠᠤᠯᠢ ᠬᠣᠷᠢᠨ ᠭᠤᠷᠪᠠ
ᠠᠷᠢᠭᠤᠨ ᠴᠢᠭᠤᠯᠭᠠᠨ ᠳᠤ ᠣᠷᠣᠵᠤ ᠪᠣᠯᠬᠤ ᠦᠭᠡᠢ ᠬᠥᠮᠦᠰ
1 ᠲᠥᠮᠥᠰᠥᠭ ᠢᠶᠡᠨ ᠨᠢᠴᠠᠯᠤᠭᠤᠯᠤᠭᠰᠠᠨ᠂ ᠡᠰᠡᠪᠡᠯ ᠪᠡᠯᠭᠡ ᠶᠢᠨ ᠡᠷᠬᠡᠲᠡᠨ ᠢᠶᠡᠨ ᠣᠭᠲᠣᠯᠣᠭᠤᠯᠤᠭᠰᠠᠨ ᠬᠥᠮᠦᠨ ᠶᠣᠬᠣᠸᠠ ᠶᠢᠨ ᠴᠢᠭᠤᠯᠭᠠᠨ ᠳᠤ ᠣᠷᠣᠵᠤ ᠪᠣᠯᠬᠤ ᠦᠭᠡᠢ᠃
2 ᠨᠡᠭᠡᠯᠡᠢ ᠬᠥᠮᠦᠨ ᠶᠣᠬᠣᠸᠠ ᠶᠢᠨ ᠴᠢᠭᠤᠯᠭᠠᠨ ᠳᠤ ᠣᠷᠣᠵᠤ ᠪᠣᠯᠬᠤ ᠦᠭᠡᠢ᠂ ᠲᠡᠭᠦᠨ ᠦ ᠠᠷᠪᠠᠳᠠᠬᠢ ᠦᠶ᠎ᠡ ᠶᠢᠨ ᠬᠢᠨ ᠬᠦᠷᠲᠡᠯ᠎ᠡ ᠶᠣᠬᠣᠸᠠ ᠶᠢᠨ ᠴᠢᠭᠤᠯᠭᠠᠨ ᠳᠤ ᠣᠷᠣᠵᠤ ᠪᠣᠯᠬᠤ ᠦᠭᠡᠢ᠃
3 ᠠᠮᠣᠨ ᠬᠥᠮᠦᠨ ᠴᠤ᠂ ᠮᠣᠶᠠᠪ ᠬᠥᠮᠦᠨ ᠴᠤ ᠶᠣᠬᠣᠸᠠ ᠶᠢᠨ ᠴᠢᠭᠤᠯᠭᠠᠨ ᠳᠤ ᠶᠡᠷᠦ ᠣᠷᠣᠬᠤ ᠶᠣᠰᠣ ᠦᠭᠡᠢ᠃ ᠲᠡᠳᠡᠨ ᠦ ᠠᠷᠪᠠᠳᠠᠬᠢ ᠦᠶ᠎ᠡ ᠶᠢᠨ ᠬᠢᠨ ᠬᠦᠷᠲᠡᠯ᠎ᠡ ᠶᠣᠬᠣᠸᠠ ᠶᠢᠨ ᠴᠢᠭᠤᠯᠭᠠᠨ ᠳᠤ ᠶᠡᠷᠦ ᠣᠷᠣᠵᠤ ᠪᠣᠯᠬᠤ ᠦᠭᠡᠢ᠃ 4 ᠲᠡᠳᠡ ᠲᠠ ᠨᠠᠷ ᠢ ᠶᠧᠵᠢᠫᠲ ᠡᠴᠡ ᠭᠠᠷᠬᠤ ᠵᠠᠮ ᠳᠡᠭᠡᠷ᠎ᠡ ᠪᠣᠣᠪᠣ ᠤᠰᠤ ᠪᠠᠷᠢᠨ ᠲᠠ ᠨᠠᠷ ᠢ ᠤᠭᠲᠤᠬᠤ ᠨᠢ ᠪᠠᠢᠲᠤᠭᠠᠢ᠂ ᠬᠠᠷᠢᠶᠠᠯᠭᠠᠬᠤ ᠭᠡᠵᠦ ᠮᠧᠰᠣᠫᠣᠲ᠋ᠠᠮᠢᠶᠠ ᠳᠠᠬᠢ ᠫᠧᠲ᠋ᠣᠷ ᠬᠥᠮᠦᠨ ᠪᠧᠶᠣᠷ ᠤᠨ ᠬᠦᠦ ᠪᠠᠯᠠᠮ ᠢ ᠬᠥᠯᠥᠰᠥᠯᠡᠭᠰᠡᠨ ᠪᠢᠯᠡ᠃ 5 ᠭᠡᠪᠡᠴᠦ ᠴᠢᠨᠦ ᠪᠤᠷᠬᠠᠨ ᠶᠣᠬᠣᠸᠠ ᠴᠢᠮᠠᠶᠢ ᠬᠠᠢᠷᠠᠯᠠᠳᠠᠭ ᠤᠴᠢᠷ ᠠᠴᠠ ᠪᠠᠯᠠᠮ ᠤᠨ ᠬᠢ ᠶᠢ ᠰᠣᠨᠣᠰᠬᠤ ᠳᠤᠷ᠎ᠠ ᠦᠭᠡᠢ ᠪᠠᠢᠯ᠎ᠠ᠃ ᠬᠠᠷᠢᠨ ᠲᠡᠷᠡ ᠴᠢᠨᠦ ᠲᠥᠯᠥᠭᠡ ᠬᠠᠷᠢᠶᠠᠯ ᠢ ᠢᠷᠥᠭᠡᠯ ᠪᠣᠯᠭᠠᠭᠰᠠᠨ ᠶᠤᠮ᠃ 6 ᠴᠢ ᠨᠠᠰᠤᠨ ᠲᠤᠷᠰᠢ ᠳᠠᠭᠠᠨ ᠲᠡᠳᠡᠨ ᠲᠡᠢ ᠡᠩᠬᠡ ᠲᠠᠢᠪᠤᠩ ᠤᠨ ᠭᠡᠷ᠎ᠡ ᠪᠠᠢᠭᠤᠯᠬᠤ ᠭᠡᠵᠦ ᠪᠦᠦ ᠬᠢᠴᠢᠶᠡ᠃
7 ᠴᠢ ᠡᠳᠣᠮ ᠬᠥᠮᠦᠨ ᠢ ᠵᠢᠭ᠍ᠰᠢᠵᠦ ᠪᠣᠯᠬᠤ ᠦᠭᠡᠢ᠃ ᠲᠡᠳᠡ ᠪᠣᠯ ᠴᠢᠨᠦ ᠠᠬ᠎ᠠ ᠳᠡᠭᠦᠦᠰ᠃ ᠴᠢ ᠶᠧᠵᠢᠫᠲ ᠬᠥᠮᠦᠨ ᠢ ᠵᠢᠭ᠍ᠰᠢᠵᠦ ᠪᠣᠯᠬᠤ ᠦᠭᠡᠢ᠃ ᠴᠢ ᠲᠡᠳᠡᠨ ᠦ ᠭᠠᠵᠠᠷ ᠨᠤᠲᠤᠭ ᠳᠡᠭᠡᠷ᠎ᠡ ᠬᠠᠷᠢ ᠶᠢᠨ ᠬᠥᠮᠦᠨ ᠪᠠᠢᠭᠰᠠᠨ᠃ 8 ᠲᠡᠳᠡᠨ ᠡᠴᠡ ᠲᠥᠷᠥᠭᠰᠡᠨ ᠭᠤᠷᠪᠠᠳᠠᠬᠢ ᠦᠶ᠎ᠡ ᠡᠴᠡ ᠬᠣᠢᠰᠢᠬᠢ ᠦᠷ᠎ᠡ ᠤᠳᠤᠮ ᠨᠢ ᠶᠣᠬᠣᠸᠠ ᠶᠢᠨ ᠴᠢᠭᠤᠯᠭᠠᠨ ᠳᠤ ᠣᠷᠣᠯᠴᠠᠵᠤ ᠪᠣᠯᠣᠨ᠎ᠠ᠃
ᠬᠤᠸᠠᠷᠠᠨ ᠤ ᠴᠡᠪᠡᠷ ᠪᠠᠢᠳᠠᠯ
9 ᠴᠢ ᠳᠠᠢᠰᠤᠨ ᠨᠤᠭᠤᠳ ᠲᠠᠢ ᠪᠠᠨ ᠳᠠᠢᠲᠤᠬᠤ ᠪᠠᠷ ᠬᠤᠸᠠᠷᠠᠩᠨᠠᠬᠤ ᠳᠠᠭᠠᠨ᠂ ᠠᠯᠢᠪᠠ ᠪᠤᠵᠠᠷᠲᠤᠯ ᠠᠴᠠ ᠪᠣᠯᠭᠣᠮᠵᠢᠯᠠ᠃
10 ᠬᠡᠷᠪᠡ ᠲᠠ ᠨᠠᠷ ᠤᠨ ᠬᠡᠨ ᠨᠢᠭᠡ ᠨᠢ ᠰᠥᠨᠢ ᠳᠤᠰᠤᠯ ᠠᠯᠳᠠᠭᠰᠠᠨ ᠠᠴᠠ ᠪᠣᠯᠵᠤ ᠪᠤᠵᠠᠷᠲᠤᠭᠰᠠᠨ ᠪᠣᠯ᠂ ᠲᠡᠷᠡ ᠪᠡᠷ ᠬᠤᠸᠠᠷᠠᠨ ᠠᠴᠠ ᠭᠠᠷᠬᠤ ᠪᠥᠭᠡᠳ ᠬᠤᠸᠠᠷᠠᠨ ᠳᠠᠭᠠᠨ ᠡᠷᠭᠢᠨ ᠣᠷᠣᠬᠤ ᠶᠣᠰᠣ ᠦᠭᠡᠢ᠃ 11 ᠬᠠᠷᠢᠨ ᠦᠳᠡᠰᠢ ᠪᠣᠯᠬᠤ ᠳᠤ ᠲᠡᠷᠡ ᠪᠡᠶ᠎ᠡ ᠪᠡᠨ ᠤᠰᠤ ᠪᠠᠷ ᠤᠬᠢᠶᠠᠭᠠᠳ ᠨᠠᠷᠠ ᠰᠢᠩ᠋ᠭᠡᠮᠡᠭᠴᠡ ᠬᠤᠸᠠᠷᠠᠨ ᠳᠣᠲᠣᠷ᠎ᠠ ᠪᠠᠨ ᠣᠷᠣᠵᠤ ᠪᠣᠯᠣᠨ᠎ᠠ᠃
12 ᠴᠢ ᠪᠡᠶ᠎ᠡ ᠵᠠᠰᠠᠬᠤ ᠭᠠᠵᠠᠷ ᠢᠶᠠᠨ ᠬᠤᠸᠠᠷᠠᠨ ᠠᠴᠠ ᠭᠠᠳᠠᠨ᠎ᠠ ᠪᠠᠢᠯᠭ᠎ᠠ᠃ 13 ᠴᠢ ᠪᠠᠭᠠᠵᠢ ᠵᠡᠪᠰᠡᠭ ᠤᠳ ᠤᠨ ᠢᠶᠠᠨ ᠳᠤᠮᠳᠠ ᠬᠦᠷᠵᠡ ᠪᠡᠯᠡᠳᠬᠡ᠃ ᠪᠡᠶ᠎ᠡ ᠵᠠᠰᠠᠬᠤ ᠭᠠᠵᠠᠷ ᠢᠶᠠᠨ ᠬᠦᠷᠵᠡ ᠪᠡᠷ ᠤᠬᠤᠨ ᠪᠡᠯᠡᠳᠬᠡᠵᠦ᠂ ᠢᠯᠭᠠᠳᠠᠰᠤ ᠪᠠᠨ ᠪᠤᠯᠠᠵᠤ ᠬᠠᠶᠠᠭᠠᠷᠠᠢ᠃ 14 ᠴᠢᠨᠦ ᠪᠤᠷᠬᠠᠨ ᠶᠣᠬᠣᠸᠠ ᠴᠢᠮᠠᠶᠢ ᠠᠪᠤᠷᠠᠵᠤ᠂ ᠳᠠᠢᠰᠤᠨ ᠨᠤᠭᠤᠳ ᠢ ᠴᠢᠨᠢ ᠲᠠ ᠨᠠᠷ ᠲᠤ ᠲᠤᠰᠢᠶᠠᠬᠤ ᠭᠡᠵᠦ ᠴᠢᠨᠦ ᠬᠤᠸᠠᠷᠠᠨ ᠤ ᠳᠤᠮᠳᠠᠭᠤᠷ ᠶᠠᠪᠤᠵᠤ ᠪᠠᠢᠳᠠᠭ᠃ ᠴᠢᠨᠦ ᠬᠤᠸᠠᠷᠠᠨ ᠠᠷᠢᠭᠤᠨ ᠪᠠᠢᠬᠤ ᠶᠣᠰᠣᠲᠠᠢ᠃ ᠶᠣᠬᠣᠸᠠ ᠲᠠ ᠨᠠᠷ ᠤᠨ ᠳᠤᠮᠳᠠ ᠠᠴᠠ ᠢᠴᠢᠭᠦᠷᠢ ᠶᠢ ᠣᠯᠵᠤ ᠬᠠᠷᠠᠭᠠᠳ ᠴᠢᠮᠠᠶᠢ ᠣᠷᠬᠢᠬᠤ ᠪᠣᠯᠣᠭᠤᠵᠠᠢ᠃
ᠪᠤᠰᠤᠳ ᠵᠢᠷᠤᠮ
15 ᠡᠵᠡᠨ ᠡᠴᠡ ᠪᠡᠨ ᠣᠷᠭᠣᠵᠤ᠂ ᠲᠠᠨ ᠤ ᠳᠤ ᠣᠴᠢᠭᠰᠠᠨ ᠪᠣᠭᠣᠯ ᠢ ᠴᠢ ᠡᠵᠡᠨ ᠳᠦᠨᠢ ᠪᠦᠦ ᠲᠤᠰᠢᠶ᠎ᠠ᠃ 16 ᠲᠡᠷᠡ ᠪᠣᠭᠣᠯ ᠢᠶᠠᠷ ᠥᠪᠡᠷᠰᠡᠳ ᠦᠨ ᠢᠶᠠᠨ ᠳᠤᠮᠳᠠ ᠠᠴᠠ ᠲᠠᠭᠠᠲᠠᠢ ᠭᠠᠵᠠᠷ ᠢ ᠨᠢ ᠰᠣᠩ᠋ᠭᠣᠭᠤᠯ᠂ ᠲᠡᠷᠡ ᠲᠠ ᠨᠠᠷ ᠤᠨ ᠳᠤᠮᠳᠠ ᠬᠠᠮᠲᠤ ᠰᠠᠭᠤᠭ᠃ ᠲᠡᠭᠦᠨ ᠢ ᠪᠦᠦ ᠳᠠᠷᠤᠯ᠎ᠠ᠃
17 ᠢᠰᠷᠧᠯ ᠤᠨ ᠥᠬᠢᠳ ᠤᠨ ᠳᠤᠮᠳᠠ ᠰᠦᠮ᠎ᠡ ᠶᠢᠨ ᠶᠠᠩ᠋ᠬᠠᠨ ᠪᠠᠢᠵᠤ ᠪᠣᠯᠬᠤ ᠦᠭᠡᠢ᠃ ᠢᠰᠷᠧᠯ ᠤᠨ ᠬᠥᠪᠡᠭᠦᠳ ᠦᠨ ᠳᠤᠮᠳᠠ ᠰᠦᠮ᠎ᠡ ᠶᠢᠨ ᠶᠠᠩ᠋ᠬᠠᠨ ᠡᠷ᠎ᠡ ᠪᠠᠢᠵᠤ ᠪᠣᠯᠬᠤ ᠦᠭᠡᠢ᠃ 18 ᠶᠠᠩ᠋ᠬᠠᠨ ᠤ ᠣᠷᠣᠯᠭ᠎ᠠ ᠶᠢ ᠴᠤ᠂ ᠶᠠᠩ᠋ᠬᠠᠨ ᠡᠷ᠎ᠡ ᠶᠢᠨ ᠬᠥᠯᠥᠰᠥ ᠶᠢ ᠴᠤ ᠲᠠᠩ᠋ᠭᠠᠷᠢᠭ ᠤᠨ ᠡᠷᠭᠦᠯ ᠦᠨ ᠬᠤᠪᠢ ᠪᠠᠷ ᠶᠣᠬᠣᠸᠠ ᠪᠤᠷᠬᠠᠨ ᠤ ᠪᠠᠨ ᠥᠷᠭᠥᠭᠡᠨ ᠳᠦ ᠪᠦᠦ ᠣᠷᠣᠭᠤᠯ᠃ ᠲᠡᠷᠡ ᠬᠣᠶᠠᠭᠤᠯᠠ ᠶᠢ ᠨᠢ ᠴᠢᠨᠦ ᠪᠤᠷᠬᠠᠨ ᠶᠣᠬᠣᠸᠠ ᠵᠢᠭ᠍ᠰᠢᠳᠡᠭ ᠪᠢᠯᠡ᠃
19 ᠴᠢ ᠢᠰᠷᠧᠯ ᠠᠬ᠎ᠠ ᠳᠡᠭᠦᠦ ᠳᠡᠭᠡᠨ ᠬᠦᠦ ᠲᠠᠢ ᠵᠢᠭᠡᠯᠡᠯᠭᠡ ᠪᠦᠦ ᠲᠠᠯᠪᠢ᠃ ᠮᠥᠩᠭᠥ ᠶᠢ ᠴᠤ᠂ ᠬᠣᠭᠣᠯᠠ ᠬᠦᠨᠡᠰᠦ ᠶᠢ ᠴᠤ᠂ ᠬᠦᠦᠯᠡᠵᠦ ᠪᠣᠯᠣᠮᠠᠷ ᠶᠠᠭᠤ ᠶᠢ ᠴᠤ ᠬᠦᠦ ᠲᠠᠢ ᠪᠠᠷ ᠪᠦᠦ ᠵᠢᠭᠡᠯᠡᠭᠦᠯ᠃ 20 ᠴᠢ ᠬᠠᠷᠢ ᠶᠢᠨ ᠬᠥᠮᠦᠨ ᠳᠦ ᠬᠦᠦ ᠲᠠᠢ ᠵᠢᠭᠡᠯᠡᠭᠦᠯᠵᠦ ᠪᠣᠯᠣᠨ᠎ᠠ᠂ ᠬᠠᠷᠢᠨ ᠢᠰᠷᠧᠯ ᠠᠬ᠎ᠠ ᠳᠡᠭᠦᠦ ᠳᠡᠭᠡᠨ ᠬᠦᠦ ᠲᠠᠢ ᠪᠦᠦ ᠵᠢᠭᠡᠯᠡᠭᠦᠯ᠃ ᠲᠡᠭᠡᠪᠡᠯ ᠴᠢᠨᠦ ᠪᠤᠷᠬᠠᠨ ᠶᠣᠬᠣᠸᠠ ᠴᠢᠨᠦ ᠣᠴᠢᠵᠤ ᠡᠵᠡᠮᠰᠢᠬᠦ ᠨᠤᠲᠤᠭ ᠳᠡᠭᠡᠷ᠎ᠡ ᠭᠠᠷ ᠬᠦᠷᠦᠭᠰᠡᠨ ᠪᠦᠬᠦᠨ ᠢ ᠴᠢᠨᠢ ᠢᠪᠡᠭᠡᠬᠦ ᠪᠣᠯᠣᠨ᠎ᠠ᠃
21 ᠴᠢ ᠶᠣᠬᠣᠸᠠ ᠪᠤᠷᠬᠠᠨ ᠳᠠᠭᠠᠨ ᠲᠠᠩ᠋ᠭᠠᠷᠢᠭᠯᠠᠭᠰᠠᠨ ᠪᠣᠯ᠂ ᠪᠡᠶᠡᠯᠡᠭᠦᠯᠬᠦ ᠪᠡᠨ ᠪᠦᠦ ᠤᠳᠠᠭᠠᠰᠢᠷᠠᠭᠤᠯ᠃ ᠴᠢᠨᠦ ᠪᠤᠷᠬᠠᠨ ᠶᠣᠬᠣᠸᠠ ᠡᠭᠦᠨ ᠢ ᠴᠢᠮ᠎ᠠ ᠠᠴᠠ ᠵᠠᠪᠠᠯ ᠱᠠᠭᠠᠷᠳᠠᠬᠤ ᠪᠣᠯᠬᠣᠷ ᠴᠢ ᠨᠢᠭᠦᠯ ᠲᠡᠢ ᠪᠣᠯᠬᠤ ᠪᠤᠢ᠃ 22 ᠲᠠᠩ᠋ᠭᠠᠷᠢᠭᠯᠠᠬᠤ ᠦᠭᠡᠢ ᠪᠣᠯ ᠨᠢᠭᠦᠯ ᠦᠭᠡᠢ ᠪᠠᠢᠬᠤ ᠪᠣᠯᠪᠠᠴᠤ 23 ᠠᠮᠠᠨ ᠠᠴᠠ ᠪᠠᠨ ᠲᠠᠩ᠋ᠭᠠᠷᠢᠭ ᠭᠠᠷᠭᠠᠭᠰᠠᠨ ᠪᠣᠯ᠂ ᠴᠢ ᠠᠮᠠᠯᠠᠭᠰᠠᠨ ᠰᠠᠢᠨ ᠳᠤᠷ᠎ᠠ ᠶᠢᠨ ᠡᠷᠭᠦᠯ ᠢᠶᠡᠨ ᠶᠣᠬᠣᠸᠠ ᠪᠤᠷᠬᠠᠨ ᠳᠠᠭᠠᠨ ᠲᠠᠩ᠋ᠭᠠᠷᠢᠭᠯᠠᠭᠰᠠᠨ ᠶᠣᠰᠣᠭᠠᠷ ᠢᠶᠠᠨ ᠰᠠᠬᠢᠵᠤ ᠪᠡᠶᠡᠯᠡᠭᠦᠯᠬᠦ ᠶᠣᠰᠣᠲᠠᠢ᠃
24 ᠴᠢ ᠬᠥᠷᠰᠢ ᠶᠢᠨ ᠢᠶᠠᠨ ᠦᠵᠦᠮ ᠦᠨ ᠴᠡᠴᠡᠷᠯᠢᠭ ᠲᠤ ᠣᠷᠣᠬᠤ ᠳᠠᠭᠠᠨ ᠦᠵᠦᠮ ᠡᠴᠡ ᠨᠢ ᠳᠤᠷ᠎ᠠ ᠪᠠᠷ ᠢᠶᠠᠨ ᠴᠠᠳᠲᠠᠯ᠎ᠠ ᠢᠳᠡᠵᠦ ᠪᠣᠯᠣᠨ᠎ᠠ᠂ ᠭᠡᠪᠡᠴᠦ ᠰᠠᠪᠠᠨ ᠳᠠᠭᠠᠨ ᠪᠦᠦ ᠬᠢ᠃
25 ᠴᠢ ᠬᠥᠷᠰᠢ ᠶᠢᠨ ᠢᠶᠠᠨ ᠲᠠᠷᠢᠶᠠᠨ ᠲᠠᠯᠠᠪᠠᠢ ᠳᠤ ᠣᠷᠣᠬᠤ ᠳᠤ ᠲᠠᠷᠢᠶᠠᠨ ᠲᠦᠷᠦᠭᠦᠦ ᠶᠢ ᠭᠠᠷ ᠢᠶᠠᠷ ᠢᠶᠠᠨ ᠰᠢᠪᠲᠤᠷᠤᠨ ᠠᠪᠴᠤ ᠪᠣᠯᠣᠨ᠎ᠠ᠂ ᠭᠡᠪᠡᠴᠦ ᠬᠥᠷᠰᠢ ᠶᠢᠨ ᠢᠶᠠᠨ ᠲᠠᠷᠢᠶᠠᠨ ᠳᠤ ᠬᠠᠳᠤᠭᠤᠷ ᠪᠦᠦ ᠬᠦᠷᠭᠡ᠃