ᠳᠡᠳ᠋ ᠬᠠᠤᠯᠢ ᠠᠷᠪᠠᠨ ᠵᠢᠷᠭᠤᠭ᠎ᠠ
ᠭᠡᠲᠦᠯᠭᠡᠭᠰᠡᠨ ᠦ ᠪᠠᠶᠠᠷ
1 ᠠᠪᠢᠪ 8 ᠰᠠᠷ᠎ᠠ ᠶᠢ ᠰᠠᠬᠢᠵᠤ ᠶᠣᠬᠣᠸᠠ ᠪᠤᠷᠬᠠᠨ ᠳᠤ ᠭᠡᠲᠦᠯᠭᠡᠭᠰᠡᠨ ᠦ ᠪᠠᠶᠠᠷ ᠢ ᠲᠡᠮᠳᠡᠭᠯᠡ᠂ ᠴᠢᠨᠦ ᠪᠤᠷᠬᠠᠨ ᠶᠣᠬᠣᠸᠠ ᠴᠢᠮᠠᠶᠢ ᠠᠪᠢᠪ ᠰᠠᠷ᠎ᠠ ᠶᠢᠨ ᠰᠥᠨᠢ ᠪᠠᠷ ᠶᠧᠵᠢᠫᠲ ᠡᠴᠡ ᠭᠠᠷᠭᠠᠵᠤ ᠠᠪᠤᠭᠰᠠᠨ ᠲᠤᠯᠠ 2 ᠶᠣᠬᠣᠸᠠ ᠶᠢᠨ ᠨᠡᠷ᠎ᠡ ᠪᠡᠨ ᠲᠠᠯᠪᠢᠬᠤ ᠪᠠᠷ ᠰᠣᠩ᠋ᠭᠣᠵᠤ ᠠᠪᠤᠭᠰᠠᠨ ᠭᠠᠵᠠᠷ ᠲᠤ ᠴᠢ ᠪᠣᠳᠠ ᠪᠣᠭ ᠮᠠᠯ ᠠᠴᠠ ᠪᠠᠨ ᠶᠣᠬᠣᠸᠠ ᠪᠤᠷᠬᠠᠨ ᠳᠠᠭᠠᠨ ᠭᠡᠲᠦᠯᠭᠡᠭᠰᠡᠨ ᠦ ᠪᠠᠶᠠᠷ ᠤᠨ ᠲᠠᠬᠢᠯ ᠢ ᠡᠷᠭᠦ᠃ 3 ᠴᠢ ᠡᠨᠡ ᠡᠷᠭᠦᠯ ᠲᠡᠢ ᠬᠠᠮᠲᠤ ᠢᠰᠭᠡᠭᠰᠡᠨ ᠪᠣᠣᠪᠣ ᠶᠢ ᠢᠳᠡᠵᠦ ᠪᠣᠯᠬᠤ ᠦᠭᠡᠢ᠂ ᠬᠠᠷᠢᠨ ᠢᠰᠭᠡᠭᠡ ᠦᠭᠡᠢ ᠪᠣᠣᠪᠣ᠂ ᠲᠤᠬᠠᠢᠯᠠᠪᠠᠯ ᠶᠧᠵᠢᠫᠲ ᠡᠴᠡ ᠶᠠᠭᠠᠷᠠᠨ ᠭᠠᠷᠬᠤ ᠳᠠᠭᠠᠨ ᠢᠳᠡᠭᠰᠡᠨ ᠨᠥᠭᠥᠭᠡ ᠭᠠᠴᠢᠭᠳᠠᠯ ᠤᠨ ᠪᠣᠣᠪᠣ ᠶᠢ ᠳᠣᠯᠣᠭᠠᠨ ᠬᠣᠨᠣᠭ ᠢᠳᠡᠭᠡᠷᠡᠢ᠃ ᠲᠡᠢᠨ ᠬᠦ ᠴᠢ ᠶᠧᠵᠢᠫᠲ ᠡᠴᠡ ᠭᠠᠷᠤᠭᠰᠠᠨ ᠲᠡᠷᠡ ᠡᠳᠦᠷ ᠢ ᠠᠮᠢᠳᠤᠷᠠᠯ ᠤᠨ ᠢᠶᠠᠨ ᠪᠦᠬᠦᠢᠯᠡ ᠡᠳᠦᠷ ᠦᠨ ᠲᠤᠷᠰᠢ ᠰᠠᠨᠠᠵᠤ ᠳᠤᠷᠠᠰᠬᠤ ᠪᠣᠯᠣᠨ᠎ᠠ᠃ 4 ᠡᠨᠡ ᠳᠣᠯᠣᠭᠠᠨ ᠬᠣᠨᠣᠭ ᠤᠨ ᠲᠤᠷᠰᠢ ᠴᠢᠨᠦ ᠨᠤᠲᠤᠭ ᠳᠡᠪᠢᠰᠬᠡᠷ ᠳᠡᠭᠡᠷ᠎ᠡ ᠢᠰᠭᠡᠭᠦᠷ ᠬᠠᠷᠠᠭᠳᠠᠵᠤ ᠪᠣᠯᠬᠤ ᠦᠭᠡᠢ᠂ ᠮᠥᠨ ᠠᠩ᠋ᠬᠠᠨ ᠤ ᠡᠳᠦᠷ ᠦᠨ ᠦᠳᠡᠰᠢ ᠡᠷᠭᠦᠭᠰᠡᠨ ᠲᠠᠬᠢᠯ ᠤᠨ ᠮᠢᠬ᠎ᠠ ᠴᠤ ᠥᠷᠯᠥᠭᠡ ᠪᠣᠯᠲᠠᠯ᠎ᠠ ᠦᠯᠡᠳᠡᠵᠦ ᠪᠣᠯᠬᠤ ᠦᠭᠡᠢ᠃ 5 ᠴᠢ ᠪᠠᠰᠠ ᠭᠡᠲᠦᠯᠭᠡᠭᠰᠡᠨ ᠦ ᠪᠠᠶᠠᠷ ᠤᠨ ᠲᠠᠬᠢᠯ ᠢ ᠴᠢᠨᠦ ᠪᠤᠷᠬᠠᠨ ᠶᠣᠬᠣᠸᠠ ᠶᠢᠨ ᠴᠢᠮ᠎ᠠ ᠳᠤ ᠥᠭᠬᠦ ᠳᠤᠷ᠎ᠠ ᠶᠢᠨ ᠨᠢᠭᠡ ᠬᠣᠲᠠ ᠲᠣᠰᠬᠣᠨ ᠳᠤ ᠡᠷᠭᠦᠴᠢᠬᠡᠵᠦ ᠪᠣᠯᠬᠤ ᠦᠭᠡᠢ᠂ 6 ᠭᠠᠭᠴᠠ ᠬᠦ ᠴᠢᠨᠦ ᠪᠤᠷᠬᠠᠨ ᠶᠣᠬᠣᠸᠠ ᠶᠢᠨ ᠨᠡᠷ᠎ᠡ ᠪᠡᠨ ᠲᠠᠯᠪᠢᠬᠤ ᠪᠠᠷ ᠰᠢᠯᠢᠬᠦ ᠭᠠᠵᠠᠷ ᠲᠤ ᠯᠠ ᠡᠷᠭᠦᠵᠦ ᠪᠣᠯᠣᠨ᠎ᠠ᠃ ᠴᠢ ᠭᠡᠲᠦᠯᠭᠡᠭᠰᠡᠨ ᠦ ᠪᠠᠶᠠᠷ ᠤᠨ ᠲᠠᠬᠢᠯ ᠢ ᠲᠡᠨᠳᠡ᠂ ᠶᠧᠵᠢᠫᠲ ᠡᠴᠡ ᠭᠠᠷᠴᠤ ᠶᠠᠪᠤᠭᠰᠠᠨ ᠲᠡᠷᠡ ᠴᠠᠭ ᠲᠤ᠂ ᠲᠤᠬᠠᠢᠯᠠᠪᠠᠯ ᠨᠠᠷᠠ ᠰᠢᠩᠭᠡᠬᠦ ᠦᠶ᠎ᠡ ᠳᠦ ᠡᠷᠭᠦᠬᠦ ᠶᠣᠰᠣᠲᠠᠢ᠃ 7 ᠴᠢ ᠶᠣᠬᠣᠸᠠ ᠪᠤᠷᠬᠠᠨ ᠤ ᠪᠠᠨ ᠰᠢᠯᠢᠵᠦ ᠠᠪᠬᠤ ᠲᠡᠷᠡ ᠭᠠᠵᠠᠷ ᠲᠤ ᠲᠡᠷᠡ ᠲᠠᠬᠢᠯ ᠢ ᠰᠢᠷᠠᠵᠤ ᠢᠳᠡᠭᠡᠳ ᠥᠷᠯᠥᠭᠡᠭᠦᠷ ᠮᠠᠢᠬᠠᠨ ᠤᠷᠤᠭᠤ ᠪᠠᠨ ᠪᠤᠴᠠ᠃ 8 ᠳᠠᠷᠠᠭᠠᠬᠢ ᠵᠢᠷᠭᠤᠭᠠᠨ ᠡᠳᠦᠷ ᠦᠨ ᠬᠢᠨᠢ ᠲᠤᠷᠰᠢ ᠢᠰᠭᠡᠭᠡ ᠦᠭᠡᠢ ᠪᠣᠣᠪᠣ ᠢᠳᠡᠭᠡᠳ ᠳᠣᠯᠣᠳᠠᠬᠢ ᠡᠳᠦᠷ ᠨᠢ ᠶᠣᠬᠣᠸᠠ ᠪᠤᠷᠬᠠᠨ ᠤ ᠪᠠᠨ ᠡᠮᠦᠨ᠎ᠡ ᠠᠷᠢᠭᠤᠨ ᠴᠤᠭᠯᠠᠭᠠᠨ ᠬᠢ᠂ ᠲᠡᠷᠡ ᠡᠳᠦᠷ ᠠᠵᠢᠯ ᠪᠦᠦ ᠬᠢ᠃
ᠳᠣᠯᠣᠭᠠᠨ ᠭᠠᠷᠠᠭ ᠤᠨ ᠪᠠᠶᠠᠷ
9 ᠴᠢ ᠦᠷ᠎ᠡ ᠲᠠᠷᠢᠶᠠᠨ ᠳᠤ ᠬᠠᠳᠤᠭᠤᠷ ᠬᠦᠷᠭᠡᠭᠰᠡᠨ ᠦᠶ᠎ᠡ ᠡᠴᠡ ᠡᠬᠢᠯᠡᠨ ᠬᠣᠢᠰᠢ ᠳᠣᠯᠣᠭᠠᠨ ᠭᠠᠷᠠᠭ ᠢ ᠲᠣᠭᠠᠯᠠᠵᠤ᠂ 10 ᠶᠣᠬᠣᠸᠠ ᠪᠤᠷᠬᠠᠨ ᠳᠠᠭᠠᠨ ᠳᠣᠯᠣᠭᠠᠨ ᠭᠠᠷᠠᠭ ᠤᠨ ᠪᠠᠶᠠᠷ ᠢ ᠲᠡᠮᠳᠡᠭᠯᠡ᠃ ᠡᠭᠦᠨ ᠦ ᠲᠥᠯᠥᠭᠡ ᠴᠢ ᠴᠢᠨᠦ ᠪᠤᠷᠬᠠᠨ ᠶᠣᠬᠣᠸᠠ ᠴᠢᠮᠠᠶᠢ ᠢᠪᠡᠭᠡᠭᠰᠡᠨ ᠦ ᠳᠠᠭᠠᠤ ᠰᠠᠢᠨ ᠳᠤᠷ᠎ᠠ ᠶᠢᠨ ᠡᠷᠭᠦᠯ ᠢᠶᠡᠨ ᠡᠷᠭᠦᠬᠦ ᠪᠥᠭᠡᠳ 11 ᠴᠢᠨᠦ ᠪᠤᠷᠬᠠᠨ ᠶᠣᠬᠣᠸᠠ ᠶᠢᠨ ᠨᠡᠷ᠎ᠡ ᠪᠡᠨ ᠲᠠᠯᠪᠢᠬᠤ ᠪᠠᠷ ᠰᠢᠯᠢᠬᠦ ᠭᠠᠵᠠᠷ ᠲᠤ ᠴᠢ ᠪᠣᠯᠣᠨ ᠴᠢᠨᠦ ᠬᠦᠦ ᠥᠬᠢᠨ᠂ ᠴᠢᠨᠦ ᠵᠠᠷᠤᠴᠠ ᠰᠢᠪᠡᠭᠴᠢᠨ᠂ ᠮᠥᠨ ᠲᠠᠨ ᠤ ᠲᠡᠨᠳᠡ ᠰᠠᠭᠤᠳᠠᠭ ᠯᠧᠸᠢ ᠶᠢᠨ ᠬᠢᠨ᠂ ᠲᠠ ᠨᠠᠷ ᠤᠨ ᠳᠤᠮᠳᠠ ᠪᠠᠢᠭ᠎ᠠ ᠬᠠᠷᠢ ᠶᠢᠨ ᠬᠢᠨ ᠪᠣᠯᠣᠨ ᠥᠨᠥᠴᠢᠨ ᠬᠡᠦᠬᠡᠳ᠂ ᠪᠡᠯᠪᠡᠰᠦᠨ ᠡᠮᠡᠭᠲᠡᠢ ᠲᠡᠢ ᠬᠠᠮᠲᠤ ᠶᠣᠬᠣᠸᠠ ᠪᠤᠷᠬᠠᠨ ᠤ ᠪᠠᠨ ᠡᠮᠦᠨ᠎ᠡ ᠪᠠᠶᠠᠰᠴᠠᠭᠠ᠃ 12 ᠴᠢ ᠶᠧᠵᠢᠫᠲ ᠲᠤ ᠪᠣᠭᠣᠯ ᠪᠠᠢᠭᠰᠠᠨ ᠢᠶᠠᠨ ᠰᠠᠨᠠᠵᠤ᠂ ᠡᠳᠡᠭᠡᠷ ᠲᠣᠭᠲᠠᠭᠠᠯ ᠢ ᠰᠠᠬᠢᠨ ᠪᠡᠶᠡᠯᠡᠭᠦᠯ᠃
ᠮᠠᠢᠬᠠᠨ ᠤ ᠪᠠᠶᠠᠷ
13 ᠴᠢ ᠦᠲᠦᠷᠮ᠎ᠡ ᠡᠴᠡ ᠪᠡᠨ ᠪᠣᠯᠣᠨ ᠦᠵᠦᠮ ᠦᠨ ᠰᠢᠬᠠᠭᠤᠷᠭ᠎ᠠ ᠠᠴᠠ ᠪᠠᠨ ᠭᠠᠷᠤᠭᠰᠠᠨ ᠢ ᠬᠤᠷᠢᠶᠠᠵᠤ ᠠᠪᠤᠭᠰᠠᠨ ᠤ ᠳᠠᠷᠠᠭ᠎ᠠ᠂ ᠮᠠᠢᠬᠠᠨ ᠤ ᠪᠠᠶᠠᠷ ᠢ ᠳᠣᠯᠣᠭᠠᠨ ᠬᠣᠨᠣᠭ ᠲᠡᠮᠳᠡᠭᠯᠡ᠃ 14 ᠡᠨᠡ ᠪᠠᠶᠠᠷ ᠢᠶᠠᠷ ᠴᠢ ᠪᠣᠯᠣᠨ ᠴᠢᠨᠦ ᠬᠦᠦ ᠥᠬᠢᠨ᠂ ᠵᠠᠷᠤᠴᠠ ᠰᠢᠪᠡᠭᠴᠢᠨ᠂ ᠲᠠᠨ ᠤ ᠲᠡᠨᠳᠡ ᠰᠠᠭᠤᠳᠠᠭ ᠯᠧᠸᠢ ᠶᠢᠨ ᠬᠢᠨ᠂ ᠬᠠᠷᠢ ᠶᠢᠨ ᠬᠢᠨ᠂ ᠥᠨᠥᠴᠢᠨ ᠬᠡᠦᠬᠡᠳ᠂ ᠪᠡᠯᠪᠡᠰᠦᠨ ᠡᠮᠡᠭᠲᠡᠢ ᠲᠡᠢ ᠬᠠᠮᠲᠤ ᠪᠠᠶᠠᠰᠴᠠᠭᠠ᠃ 15 ᠴᠢ ᠶᠣᠬᠣᠸᠠ ᠪᠤᠷᠬᠠᠨ ᠤ ᠪᠠᠨ ᠡᠮᠦᠨ᠎ᠡ ᠶᠣᠬᠣᠸᠠ ᠶᠢᠨ ᠰᠣᠩ᠋ᠭᠣᠵᠤ ᠠᠪᠬᠤ ᠭᠠᠵᠠᠷ ᠲᠤ ᠳᠣᠯᠣᠭᠠᠨ ᠬᠣᠨᠣᠭ ᠡᠨᠡ ᠪᠠᠶᠠᠷ ᠢ ᠲᠡᠮᠳᠡᠭᠯᠡᠬᠦ ᠤᠴᠢᠷᠲᠠᠢ᠃ ᠴᠢᠨᠦ ᠪᠤᠷᠬᠠᠨ ᠶᠣᠬᠣᠸᠠ ᠴᠢᠨᠦ ᠪᠦᠬᠦ ᠬᠤᠷᠢᠶᠠᠯᠲᠠ᠂ ᠭᠠᠷ ᠢᠶᠠᠷ ᠬᠢᠭᠰᠡᠨ ᠠᠯᠢᠪᠠ ᠠᠵᠢᠯ ᠦᠢᠯᠡ ᠶᠢ ᠴᠢᠨᠢ ᠢᠪᠡᠭᠡᠬᠦ ᠤᠴᠢᠷ ᠴᠢ ᠦᠨᠡᠬᠡᠷ ᠪᠠᠶᠠᠷ ᠲᠠᠢ ᠪᠠᠢᠬᠤ ᠪᠣᠯᠣᠨ᠎ᠠ᠃
16 ᠲᠠᠨ ᠤ ᠡᠷᠡᠴᠦᠳ ᠪᠦᠭᠦᠳᠡ ᠵᠢᠯ ᠳᠤ ᠭᠤᠷᠪᠠ ᠤᠳᠠᠭ᠎ᠠ᠂ ᠲᠤᠬᠠᠢᠯᠠᠪᠠᠯ ᠢᠰᠭᠡᠭᠡ ᠦᠭᠡᠢ ᠪᠣᠣᠪᠣ ᠶᠢᠨ ᠪᠠᠶᠠᠷ᠂ ᠳᠣᠯᠣᠭᠠᠨ ᠭᠠᠷᠠᠭ ᠤᠨ ᠪᠠᠶᠠᠷ ᠪᠣᠯᠣᠨ ᠮᠠᠢᠬᠠᠨ ᠤ ᠪᠠᠶᠠᠷ ᠢᠶᠠᠷ ᠶᠣᠬᠣᠸᠠ ᠪᠤᠷᠬᠠᠨ ᠤ ᠪᠠᠨ ᠰᠢᠯᠢᠵᠦ ᠠᠪᠬᠤ ᠭᠠᠵᠠᠷ ᠲᠤ ᠲᠡᠭᠦᠨ ᠦ ᠡᠮᠦᠨ᠎ᠡ ᠦᠵᠡᠭᠳᠡᠬᠦ ᠤᠴᠢᠷᠲᠠᠢ᠃ ᠬᠠᠷᠢᠨ ᠬᠡᠨ ᠴᠤ ᠶᠣᠬᠣᠸᠠ ᠶᠢᠨ ᠡᠮᠦᠨ᠎ᠡ ᠭᠠᠷ ᠬᠣᠭᠣᠰᠣᠨ ᠦᠵᠡᠭᠳᠡᠵᠦ ᠪᠣᠯᠬᠤ ᠦᠭᠡᠢ᠂ 17 ᠬᠥᠮᠦᠨ ᠪᠦᠷᠢ ᠶᠣᠬᠣᠸᠠ ᠪᠤᠷᠬᠠᠨ ᠠᠴᠠ ᠪᠠᠨ ᠬᠦᠷᠲᠡᠭᠰᠡᠨ ᠢᠪᠡᠭᠡᠯ ᠦᠨ ᠳᠠᠭᠠᠤ ᠪᠡᠯᠡᠭ ᠠᠪᠴᠢᠷᠠᠬᠤ ᠶᠣᠰᠣᠲᠠᠢ᠃
ᠰᠢᠭᠦᠭᠴᠢ ᠪᠠ ᠲᠦᠰᠢᠮᠡᠯ ᠲᠣᠮᠢᠯᠠᠬᠤ
18 ᠴᠢᠨᠦ ᠪᠤᠷᠬᠠᠨ ᠶᠣᠬᠣᠸᠠ ᠶᠢᠨ ᠲᠠ ᠨᠠᠷ ᠤᠨ ᠣᠪᠣᠭ ᠤᠳ ᠲᠤ ᠰᠣᠶᠣᠷᠬᠠᠬᠤ ᠬᠣᠲᠠ ᠲᠣᠰᠬᠣᠨ ᠪᠣᠯᠭᠠᠨ ᠳᠤ ᠰᠢᠭᠦᠭᠴᠢᠳ ᠪᠣᠯᠣᠨ ᠲᠦᠰᠢᠮᠡᠳ ᠢ ᠲᠣᠮᠢᠯᠠ᠃ ᠲᠡᠳᠡ ᠬᠥᠮᠦᠰ ᠢ ᠵᠥᠪ ᠰᠢᠳᠤᠷᠭᠤ ᠪᠠᠷ ᠰᠢᠭᠦᠬᠦ ᠶᠣᠰᠣᠲᠠᠢ᠃ 19 ᠴᠢ ᠰᠢᠳᠤᠷᠭᠤ ᠶᠣᠰᠣ ᠶᠢ ᠪᠦᠦ ᠭᠠᠵᠢᠭᠤᠳᠠᠭᠤᠯ᠂ ᠨᠢᠭᠤᠷ ᠲᠠᠯ᠎ᠠ ᠪᠦᠦ ᠬᠠᠷ᠎ᠠ᠂ ᠬᠡᠭᠡᠯᠢ ᠬᠠᠬᠤᠤᠯᠢ ᠪᠦᠦ ᠠᠪ᠃ ᠬᠡᠭᠡᠯᠢ ᠬᠠᠬᠤᠤᠯᠢ ᠨᠢ ᠮᠡᠷᠭᠡᠨ ᠬᠠᠷᠠᠭ᠎ᠠ ᠶᠢ ᠰᠣᠬᠣᠯᠵᠤ᠂ ᠭᠣᠣᠯᠴᠢ ᠦᠭᠡᠰ ᠢ ᠬᠦᠴᠦᠨ ᠦᠭᠡᠢ ᠪᠣᠯᠭᠠᠳᠠᠭ᠃ 20 ᠭᠣᠣᠯᠴᠢ ᠶᠣᠰᠣ᠂ ᠭᠠᠭᠴᠠ ᠬᠦ ᠭᠣᠣᠯᠴᠢ ᠶᠣᠰᠣ ᠶᠢ ᠯᠠ ᠪᠠᠷᠢᠮᠲᠠᠯᠠ᠃ ᠲᠡᠭᠡᠪᠡᠯ ᠴᠢ ᠠᠮᠢᠳᠤ ᠪᠠᠢᠵᠤ᠂ ᠴᠢᠨᠦ ᠪᠤᠷᠬᠠᠨ ᠶᠣᠬᠣᠸᠠ ᠶᠢᠨ ᠴᠢᠮ᠎ᠠ ᠳᠤ ᠥᠭᠬᠦ ᠭᠠᠵᠠᠷ ᠢ ᠡᠵᠡᠮᠰᠢᠬᠦ ᠪᠣᠯᠣᠨ᠎ᠠ᠃
ᠮᠥᠷᠭᠥᠯ ᠦᠨ ᠴᠡᠭᠡᠷ
21 ᠶᠣᠬᠣᠸᠠ ᠪᠤᠷᠬᠠᠨ ᠤ ᠪᠠᠨ ᠲᠥᠯᠥᠭᠡ ᠪᠣᠰᠬᠠᠭᠰᠠᠨ ᠲᠠᠬᠢᠯ ᠤᠨ ᠰᠢᠷᠡᠭᠡᠨ ᠦ ᠳᠡᠷᠭᠡᠳᠡ ᠶᠠᠮᠠᠷ ᠴᠤ ᠮᠣᠳᠣ ᠪᠠᠷ ᠥᠪᠡᠷ ᠦᠨ ᠢᠶᠠᠨ ᠲᠥᠯᠥᠭᠡ ᠠᠱᠧᠷᠠ ᠰᠢᠲᠦᠭᠡᠨ ᠦ ᠱᠣᠩ ᠢ ᠪᠦᠦ ᠪᠣᠰᠬ᠎ᠠ᠃ 22 ᠴᠢᠨᠦ ᠪᠤᠷᠬᠠᠨ ᠶᠣᠬᠣᠸᠠ ᠶᠢᠨ ᠦᠵᠡᠨ ᠶᠠᠳᠠᠳᠠᠭ ᠴᠢᠯᠠᠭᠤᠨ ᠪᠠᠭᠠᠨ᠎ᠠ ᠶᠢ ᠴᠤ ᠪᠦᠦ ᠪᠣᠰᠬ᠎ᠠ᠃