ᠳᠡᠳ᠋ ᠬᠠᠤᠯᠢ ᠬᠣᠶᠠᠷ
ᠴᠥᠯ ᠳᠤ ᠲᠡᠨᠦᠭᠦᠴᠢᠯᠡᠭᠰᠡᠨ ᠣᠨ ᠵᠢᠯ
1 ᠶᠣᠬᠣᠸᠠ ᠶᠢᠨ ᠨᠠᠳᠠ ᠳᠤ ᠠᠢᠯᠠᠳᠤᠭᠰᠠᠨ ᠶᠣᠰᠣᠭᠠᠷ ᠪᠢᠳᠡ ᠴᠢᠭᠯᠡᠯ ᠢᠶᠡᠨ ᠥᠭᠡᠷᠡᠴᠢᠯᠡᠵᠦ ᠤᠯᠠᠭᠠᠨ ᠲᠠᠩᠭᠢᠰ ᠬᠦᠷᠬᠦ ᠵᠠᠮ ᠢᠶᠠᠷ ᠴᠥᠯ ᠤᠷᠤᠭᠤ ᠶᠠᠪᠤᠵᠤ᠂ ᠰᠧᠷ ᠠᠭᠤᠯᠠ ᠶᠢ ᠣᠯᠠᠨ ᠬᠣᠨᠣᠭ ᠲᠣᠭᠣᠷᠢᠨ ᠠᠶᠠᠯᠠᠵᠠᠭᠠᠭᠰᠠᠨ᠃ 2 ᠶᠣᠬᠣᠸᠠ ᠨᠠᠳᠠ ᠳᠤ ᠠᠢᠯᠠᠳᠤᠨ᠄ 3 《ᠲᠠ ᠨᠠᠷ ᠡᠨᠡ ᠠᠭᠤᠯᠠ ᠶᠢ ᠶᠡᠬᠡ ᠤᠳᠠᠭᠠᠨ ᠲᠣᠭᠣᠷᠢᠭᠰᠠᠨ ᠳᠠ᠂ ᠣᠳᠣ ᠤᠮᠠᠷᠠᠰᠢ ᠶᠠᠪᠤ᠃ 4 ᠴᠢ ᠠᠷᠠᠳ ᠲᠦᠮᠡᠨ ᠳᠦ ᠵᠠᠬᠢ᠄ ᠲᠠ ᠨᠠᠷ ᠰᠧᠷ ᠲᠤ ᠰᠠᠭᠤᠵᠤ ᠪᠠᠢᠭ᠎ᠠ ᠠᠬ᠎ᠠ ᠳᠡᠭᠦᠦᠰ ᠴᠢᠨᠢ ᠪᠣᠯᠬᠤ ᠡᠰᠡᠦ᠋ ᠶᠢᠨ ᠦᠷ᠎ᠡ ᠤᠳᠤᠮ ᠤᠨ ᠭᠠᠵᠠᠷ ᠨᠤᠲᠤᠭ ᠢ ᠳᠠᠭᠠᠷᠢᠨ ᠥᠩᠭᠡᠷᠡᠨ᠎ᠡ᠃ ᠲᠡᠳᠡ ᠲᠠ ᠨᠠᠷ ᠠᠴᠠ ᠠᠶᠤᠨ᠎ᠠ᠂ ᠬᠠᠷᠢᠨ ᠲᠠ ᠨᠠᠷ ᠲᠤᠩ ᠪᠣᠯᠭᠣᠮᠵᠢᠲᠠᠢ ᠪᠠᠢᠵᠤ᠂ 5 ᠲᠡᠳᠡᠨ ᠢ ᠪᠦᠦ ᠥᠳᠥᠭᠡ︕ ᠪᠢ ᠲᠡᠳᠡᠨ ᠦ ᠭᠠᠵᠠᠷ ᠨᠤᠲᠤᠭ ᠠᠴᠠ ᠲᠠ ᠨᠠᠷ ᠲᠤ ᠠᠯᠬᠤᠮ ᠢ ᠴᠤ ᠥᠭᠬᠦ ᠦᠭᠡᠢ᠃ ᠰᠧᠷ ᠠᠭᠤᠯᠠ ᠶᠢ ᠪᠢ ᠡᠰᠡᠦ᠋ ᠳᠤ ᠡᠵᠡᠮᠰᠢᠯ ᠪᠣᠯᠭᠠᠨ ᠥᠭᠭᠥᠭᠰᠡᠨ ᠪᠢᠯᠡ᠃ 6 ᠬᠠᠷᠢᠨ ᠲᠠ ᠨᠠᠷ ᠲᠡᠳᠡᠨ ᠡᠴᠡ ᠮᠥᠩᠭᠥ ᠪᠡᠷ ᠬᠣᠭᠣᠯᠠ ᠬᠦᠨᠡᠰᠦ ᠬᠤᠳᠠᠯᠳᠤᠨ ᠠᠪᠴᠤ ᠢᠳᠡᠵᠦ ᠪᠣᠯᠣᠨ᠎ᠠ᠂ ᠪᠠᠰᠠ ᠲᠡᠳᠡᠨ ᠡᠴᠡ ᠮᠥᠩᠭᠥ ᠪᠡᠷ ᠤᠰᠤ ᠠᠪᠴᠤ ᠤᠤᠭᠤᠵᠤ ᠪᠣᠯᠣᠨ᠎ᠠ᠃ 7 ᠲᠠᠨ ᠤ ᠪᠤᠷᠬᠠᠨ ᠶᠣᠬᠣᠸᠠ ᠭᠠᠷ ᠤᠨ ᠴᠢᠨᠢ ᠠᠵᠢᠯ ᠪᠦᠬᠦᠨ ᠳᠦ ᠴᠢᠮᠠᠶᠢ ᠢᠪᠡᠭᠡᠵᠦ ᠡᠨᠡ ᠶᠡᠬᠡ ᠴᠥᠯ ᠢᠶᠡᠷ ᠲᠤᠭᠤᠯᠬᠤ ᠶᠢ ᠴᠢᠨᠢ ᠠᠩ᠋ᠬᠠᠷᠴᠤ ᠪᠠᠢᠭᠰᠠᠨ᠃ ᠥᠩᠭᠡᠷᠡᠭᠰᠡᠨ ᠳᠥᠴᠢᠨ ᠵᠢᠯ ᠤᠨ ᠲᠤᠷᠰᠢ ᠲᠠᠨ ᠤ ᠪᠤᠷᠬᠠᠨ ᠶᠣᠬᠣᠸᠠ ᠴᠢᠮ᠎ᠠ ᠲᠠᠢ ᠬᠠᠮᠲᠤ ᠪᠠᠢᠭᠰᠠᠨ ᠢᠶᠠᠷ ᠴᠢ ᠶᠠᠭᠤ ᠪᠠᠷ ᠴᠤ ᠳᠤᠲᠠᠭ᠎ᠠ ᠦᠭᠡᠢ》 ᠭᠡᠰᠡᠨ᠃ 8 ᠡᠢᠮᠦ ᠡᠴᠡ ᠪᠢᠳᠡ ᠰᠧᠷ ᠲᠤ ᠨᠤᠲᠤᠭᠯᠠᠨ ᠰᠠᠭᠤᠳᠠᠭ ᠥᠪᠡᠷᠰᠡᠳ ᠦᠨ ᠠᠬ᠎ᠠ ᠳᠡᠭᠦᠦᠰ ᠪᠣᠯᠬᠤ ᠡᠰᠡᠦ᠋ ᠶᠢᠨ ᠦᠷ᠎ᠡ ᠤᠳᠤᠮ ᠢ ᠣᠷᠬᠢᠨ ᠭᠠᠷᠪᠠ᠃ ᠪᠢᠳᠡ ᠡᠯᠠᠲ ᠪᠣᠯᠣᠨ ᠡᠽᠢᠶᠣᠨ ᠭᠧᠪᠧᠷ ᠡᠴᠡ ᠭᠠᠷᠤᠭᠠᠳ ᠶᠣᠷᠳᠠᠨ ᠤ ᠬᠥᠨᠳᠡᠢ ᠳᠦ ᠬᠦᠷᠬᠦ ᠵᠠᠮ ᠠᠴᠠ ᠪᠠᠨ ᠡᠷᠭᠢᠵᠦ᠂ ᠮᠣᠶᠠᠪ ᠤᠨ ᠴᠥᠯ ᠦᠨ ᠵᠠᠮ ᠢᠶᠠᠷ ᠶᠠᠪᠤᠵᠠᠭᠠᠯ᠎ᠠ᠃ 9 ᠲᠡᠭᠡᠬᠦ ᠳᠦ ᠶᠣᠬᠣᠸᠠ ᠨᠠᠳᠠ ᠳᠤ ᠠᠢᠯᠠᠳᠤᠨ᠄ 《ᠮᠣᠶᠠᠪᠴᠤᠳ ᠢ ᠪᠦᠦ ᠵᠣᠪᠠᠭ᠎ᠠ᠂ ᠪᠦᠦ ᠥᠳᠥᠭᠡ᠃ ᠪᠢ ᠲᠡᠳᠡᠨ ᠦ ᠭᠠᠵᠠᠷ ᠨᠤᠲᠤᠭ ᠠᠴᠠ ᠴᠢᠮ᠎ᠠ ᠳᠤ ᠡᠵᠡᠮᠰᠢᠯ ᠪᠣᠯᠭᠠᠨ ᠥᠭᠬᠦ ᠦᠭᠡᠢ᠃ ᠠᠷ ᠨᠤᠲᠤᠭ ᠢ ᠪᠢ ᠯᠣᠲ ᠤᠨ ᠦᠷ᠎ᠡ ᠤᠳᠤᠮ ᠳᠤ ᠡᠵᠡᠮᠰᠢᠯ ᠪᠣᠯᠭᠠᠨ ᠥᠭᠭᠥᠭᠰᠡᠨ ᠪᠢᠯᠡ》 ᠭᠡᠰᠡᠨ᠃ 10 (ᠡᠷᠲᠡ ᠤᠷᠢᠳᠤ ᠲᠡᠨᠳᠡ ᠧᠮᠴᠦᠳ ᠰᠠᠭᠤᠵᠤ ᠪᠠᠢᠭᠰᠠᠨ᠃ ᠲᠡᠳᠡ ᠬᠦᠴᠦᠷᠬᠡᠭ᠂ ᠬᠥᠮᠦᠨ ᠠᠮᠠ ᠣᠯᠠᠨ ᠲᠠᠢ᠂ ᠠᠨᠠᠺᠴᠤᠳ ᠰᠢᠭ᠋ ᠥᠨᠳᠥᠷ ᠪᠡᠶ᠎ᠡ ᠲᠠᠢ ᠪᠣᠯᠬᠣᠷ 11 ᠲᠡᠳᠡᠨ ᠢ ᠠᠨᠠᠺᠴᠤᠳ ᠤᠨ ᠠᠳᠠᠯᠢ ᠠᠪᠤᠷᠭᠤ ᠪᠡᠶᠡᠲᠡᠨ ᠭᠡᠵᠦ ᠦᠵᠡᠳᠡᠭ ᠪᠠᠢᠵᠠᠢ᠃ ᠮᠣᠶᠠᠪᠴᠤᠳ ᠲᠡᠳᠡᠨ ᠢ ᠧᠮᠴᠦᠳ ᠭᠡᠵᠦ ᠨᠡᠷᠡᠯᠡᠳᠡᠭ᠃ 12 ᠡᠷᠲᠡ ᠤᠷᠢᠳᠤ ᠾᠣᠷᠴᠤᠳ ᠴᠤ ᠰᠧᠷ ᠲᠤ ᠨᠤᠲᠤᠭᠯᠠᠵᠤ ᠪᠠᠢᠭᠰᠠᠨ᠂ ᠡᠰᠡᠦ᠋ ᠶᠢᠨ ᠦᠷ᠎ᠡ ᠤᠳᠤᠮ ᠲᠡᠳᠡᠨ ᠢ ᠡᠮᠦᠨ᠎ᠡ ᠡᠴᠡ ᠪᠡᠨ ᠬᠥᠭᠡᠭᠡᠨ ᠤᠰᠠᠳᠬᠠᠵᠤ᠂ ᠲᠡᠳᠡᠨ ᠦ ᠣᠷᠣᠨ ᠳᠤ ᠨᠤᠲᠤᠭᠯᠠᠨ ᠰᠠᠭᠤᠵᠠᠢ᠃ ᠡᠨᠡ ᠨᠢ ᠶᠣᠬᠣᠸᠠ ᠶᠢᠨ ᠥᠪ ᠪᠣᠯᠭᠠᠨ ᠥᠭᠭᠥᠭᠰᠡᠨ ᠨᠤᠲᠤᠭ ᠳᠡᠭᠡᠷ᠎ᠡ ᠢᠰᠷᠧᠯ ᠤᠨ ᠦᠢᠯᠡᠳᠦᠭᠰᠡᠨ ᠲᠡᠢ ᠠᠳᠠᠯᠢ ᠪᠣᠯᠵᠠᠢ᠃) 13 ᠶᠣᠬᠣᠸᠠ ᠠᠢᠯᠠᠳᠤᠨ᠄ 《ᠣᠳᠣ ᠪᠣᠰᠴᠤ᠂ ᠽᠧᠷᠧᠳ᠋ ᠬᠥᠨᠳᠡᠢ ᠶᠢ ᠳᠤᠭᠤᠯᠵᠠᠭᠠ》 ᠭᠡᠰᠡᠨ ᠳᠦ᠂ ᠪᠢᠳᠡ ᠽᠧᠷᠧᠳ᠋ ᠬᠥᠨᠳᠡᠢ ᠶᠢ ᠳᠤᠭᠤᠯᠤᠭᠰᠠᠨ ᠪᠢᠯᠡ᠃ 14 ᠪᠢᠳᠡ ᠺᠠᠳᠧᠱ ᠪᠠᠷᠨᠧᠶ᠎ᠠ ᠠᠴᠠ ᠬᠥᠳᠡᠯᠦᠭᠡᠳ ᠽᠧᠷᠧᠳ᠋ ᠭᠣᠷᠣᠬ᠎ᠠ ᠶᠢ ᠭᠠᠲᠤᠯᠤᠭᠰᠠᠨ ᠦᠶ᠎ᠡ ᠬᠦᠷᠲᠡᠯ᠎ᠡ ᠭᠤᠴᠢᠨ ᠨᠠᠢ᠌ᠮᠠᠨ ᠵᠢᠯ ᠵᠠᠷᠤᠴᠠᠭᠤᠯᠵᠠᠢ᠃ ᠶᠣᠬᠣᠸᠠ ᠶᠢᠨ ᠲᠠᠩ᠋ᠭᠠᠷᠢᠭᠯᠠᠭᠰᠠᠨ ᠶᠣᠰᠣᠭᠠᠷ ᠡᠨᠡ ᠬᠤᠭᠤᠴᠠᠭᠠᠨ ᠳᠤ ᠲᠡᠳᠡᠭᠡᠷ ᠳᠠᠢᠴᠢᠳ ᠤᠨ ᠨᠢᠭᠡ ᠦᠶ᠎ᠡ ᠶᠢᠨ ᠬᠢᠨ ᠪᠦᠭᠦᠳᠡ ᠬᠤᠸᠠᠷᠠᠨ ᠳᠠᠭᠠᠨ ᠤᠰᠠᠳᠤᠭᠰᠠᠨ ᠪᠠᠢᠨ᠎ᠠ᠃ 15 ᠦᠨᠡᠨ ᠳᠡᠭᠡᠨ ᠶᠣᠬᠣᠸᠠ ᠶᠢᠨ ᠮᠤᠲᠤᠷ ᠲᠡᠳᠡᠨ ᠢ ᠬᠤᠸᠠᠷᠠᠨ ᠠᠴᠠ ᠨᠢ ᠠᠷᠢᠯᠠᠭᠠᠬᠤ ᠪᠠᠷ ᠲᠡᠳᠡᠨ ᠦ ᠡᠰᠡᠷᠭᠦ ᠪᠠᠢᠵᠤ ᠬᠣᠵᠢᠮ ᠨᠢ ᠲᠡᠳᠡᠨ ᠢ ᠤᠰᠠᠳᠬᠠᠭᠰᠠᠨ ᠶᠤᠮ᠃
16 ᠠᠷᠠᠳ ᠲᠦᠮᠡᠨ ᠦ ᠳᠤᠮᠳᠠ ᠠᠴᠠ ᠡᠳᠡᠭᠡᠷ ᠳᠠᠢᠴᠢᠳ ᠪᠦᠭᠦᠳᠡᠭᠡᠷ ᠢᠶᠡᠨ ᠤᠰᠠᠳᠤᠭᠰᠠᠨ ᠤ ᠳᠠᠷᠠᠭ᠎ᠠ᠂ 17 ᠶᠣᠬᠣᠸᠠ ᠨᠠᠳᠠ ᠳᠤ ᠠᠢᠯᠠᠳᠤᠨ᠄ 18 《ᠴᠢ ᠥᠨᠥᠳᠥᠷ ᠮᠣᠶᠠᠪ ᠤᠨ ᠬᠢᠯᠢ ᠳᠠᠬᠢ ᠠᠷ ᠢᠶᠠᠷ ᠥᠩᠭᠡᠷᠡᠬᠦ ᠪᠣᠯᠣᠨ᠎ᠠ᠃ 19 ᠠᠮᠣᠨᠴᠤᠳ ᠲᠤ ᠣᠢᠷᠠᠲᠤᠬᠤ ᠳᠠᠭᠠᠨ ᠲᠡᠳᠡᠨ ᠢ ᠪᠦᠦ ᠵᠣᠪᠠᠭ᠎ᠠ᠂ ᠪᠦᠦ ᠥᠳᠥᠭᠡ᠃ ᠪᠢ ᠠᠮᠣᠨᠴᠤᠳ ᠤᠨ ᠭᠠᠵᠠᠷ ᠨᠤᠲᠤᠭ ᠠᠴᠠ ᠴᠢᠮ᠎ᠠ ᠳᠤ ᠡᠵᠡᠮᠰᠢᠯ ᠪᠣᠯᠭᠠᠨ ᠥᠭᠬᠦ ᠦᠭᠡᠢ᠃ ᠪᠢ ᠲᠡᠭᠦᠨ ᠢ ᠯᠣᠲ ᠤᠨ ᠦᠷ᠎ᠡ ᠤᠳᠤᠮ ᠳᠤ ᠡᠵᠡᠮᠰᠢᠯ ᠪᠣᠯᠭᠠᠨ ᠥᠭᠭᠥᠭᠰᠡᠨ ᠪᠢᠯᠡ᠃ 20 (ᠲᠡᠷᠡ ᠭᠠᠵᠠᠷ ᠢ ᠴᠤ ᠠᠪᠤᠷᠭᠤ ᠪᠡᠶᠡᠲᠡᠨ ᠦ ᠨᠤᠲᠤᠭ ᠭᠡᠵᠦ ᠦᠵᠡᠳᠡᠭ᠃ ᠤᠷᠢᠳᠤ ᠨᠢ ᠲᠡᠨᠳᠡ ᠨᠤᠲᠤᠭᠯᠠᠨ ᠰᠠᠭᠤᠵᠤ ᠪᠠᠢᠭᠰᠠᠨ ᠠᠪᠤᠷᠭᠤ ᠬᠥᠮᠦᠰ ᠢ ᠠᠮᠣᠨᠴᠤᠳ ᠽᠠᠮᠽᠦ᠋ᠮᠢᠮᠴᠤᠳ ᠭᠡᠳᠡᠭ ᠪᠠᠢᠪᠠ᠃ 21 ᠲᠡᠷᠡ ᠦᠨᠳᠦᠰᠦᠲᠡᠨ ᠬᠦᠴᠦᠷᠬᠡᠭ᠂ ᠬᠥᠮᠦᠨ ᠠᠮᠠ ᠣᠯᠠᠨ ᠲᠠᠢ᠂ ᠠᠨᠠᠺᠴᠤᠳ ᠰᠢᠭ᠋ ᠥᠨᠳᠥᠷ ᠪᠡᠶ᠎ᠡ ᠲᠠᠢ ᠪᠠᠢᠭᠰᠠᠨ ᠪᠣᠯᠪᠠᠴᠤ ᠶᠣᠬᠣᠸᠠ ᠲᠡᠳᠡᠨ ᠢ ᠠᠮᠣᠨᠴᠤᠳ ᠤᠨ ᠡᠮᠦᠨ᠎ᠡ ᠰᠥᠨᠥᠭᠡᠪᠡ᠃ ᠠᠮᠣᠨᠴᠤᠳ ᠲᠡᠳᠡᠨ ᠢ ᠬᠥᠭᠡᠭᠡᠨ ᠭᠠᠷᠭᠠᠵᠤ᠂ ᠲᠡᠳᠡᠨ ᠦ ᠣᠷᠣᠨ ᠳᠤ ᠰᠠᠭᠤᠷᠢᠰᠢᠵᠠᠢ᠃ 22 ᠡᠨᠡ ᠨᠢ ᠶᠣᠬᠣᠸᠠ ᠰᠧᠷ ᠲᠤ ᠰᠠᠭᠤᠵᠤ ᠪᠤᠢ ᠡᠰᠡᠦ᠋ ᠶᠢᠨ ᠦᠷ᠎ᠡ ᠤᠳᠤᠮ ᠤᠨ ᠡᠮᠦᠨ᠎ᠡ ᠡᠴᠡ ᠾᠣᠷᠴᠤᠳ ᠢ ᠤᠰᠠᠳᠬᠠᠭᠰᠠᠨ ᠲᠠᠢ ᠠᠳᠠᠯᠢ ᠠᠵᠢ᠃ ᠲᠡᠳᠡ ᠾᠣᠷᠴᠤᠳ ᠢ ᠬᠥᠭᠡᠭᠡᠨ ᠵᠠᠢᠯᠠᠭᠤᠯᠤᠭᠠᠳ ᠲᠡᠳᠡᠨ ᠦ ᠣᠷᠣᠨ ᠳᠤ ᠥᠨᠥᠳᠥᠷ ᠬᠦᠷᠲᠡᠯ᠎ᠡ ᠰᠠᠭᠤᠵᠤ ᠪᠠᠢᠨ᠎ᠠ᠃ 23 ᠺᠠᠹᠲ᠋ᠣᠷ ᠠᠴᠠ ᠢᠷᠡᠭᠰᠡᠨ ᠺᠠᠹᠲ᠋ᠣᠷᠴᠤᠳ ᠴᠤ ᠭᠠᠽᠠ ᠶᠢᠨ ᠨᠠᠭᠠᠨ᠎ᠠ ᠳᠠᠬᠢ ᠲᠣᠰᠬᠣᠳ ᠲᠤ ᠰᠠᠭᠤᠵᠤ ᠪᠠᠢᠭᠰᠠᠨ ᠠᠸᠢᠴᠤᠳ ᠢ ᠤᠰᠠᠳᠬᠠᠵᠤ᠂ ᠲᠡᠳᠡᠨ ᠦ ᠣᠷᠣᠨ ᠳᠤ ᠰᠠᠭᠤᠷᠢᠰᠢᠵᠠᠢ᠃) 24 ᠲᠠ ᠨᠠᠷ ᠪᠣᠰᠣᠭᠠᠳ ᠬᠥᠳᠡᠯᠦᠨ ᠶᠠᠪᠤᠵᠤ᠂ ᠠᠷᠨᠣᠨ ᠤ ᠬᠥᠨᠳᠡᠢ ᠶᠢ ᠭᠠᠲᠤᠯ᠃ ᠬᠠᠷ᠎ᠠ︕ ᠪᠢ ᠾᠧᠱᠪᠣᠨ ᠤ ᠬᠠᠭᠠᠨ ᠠᠮᠣᠷᠢ ᠬᠥᠮᠦᠨ ᠰᠢᠬᠣᠨ ᠢ ᠭᠠᠵᠠᠷ ᠨᠤᠲᠤᠭ ᠲᠠᠢ ᠨᠢ ᠬᠠᠮᠲᠤ ᠴᠢᠨᠦ ᠭᠠᠷ ᠲᠤ ᠲᠤᠰᠢᠶᠠᠭᠰᠠᠨ ᠶᠤᠮ᠃ ᠲᠡᠷᠡ ᠭᠠᠵᠠᠷ ᠢ ᠡᠵᠡᠮᠰᠢᠬᠦ ᠪᠡᠷ ᠳᠠᠢᠲᠤᠵᠤ ᠡᠬᠢᠯᠡ᠂ ᠲᠡᠭᠦᠨ ᠢ ᠪᠠᠢᠯᠳᠤᠭᠠᠨ ᠳᠤ ᠣᠷᠣᠭᠤᠯ᠃ 25 ᠥᠨᠥᠳᠥᠷ ᠡᠴᠡ ᠡᠬᠢᠯᠡᠨ ᠪᠢ ᠪᠦᠬᠦᠢᠯᠡ ᠲᠩᠷᠢ ᠶᠢᠨ ᠳᠣᠣᠷᠠᠬᠢ ᠦᠨᠳᠦᠰᠦᠲᠡᠨ ᠨᠦᠭᠦᠳ ᠢ ᠴᠢᠮ᠎ᠠ ᠠᠴᠠ ᠠᠶᠤᠨ ᠰᠣᠴᠢᠬᠤ ᠪᠣᠯᠭᠠᠨ᠎ᠠ᠃ ᠲᠡᠳᠡ ᠴᠢᠨᠦ ᠰᠤᠷᠠᠭ ᠢ ᠰᠣᠨᠣᠰᠣᠭᠠᠳ ᠴᠢᠮ᠎ᠠ ᠠᠴᠠ ᠪᠣᠯᠵᠤ ᠴᠠᠴᠠᠷᠠᠨ ᠪᠡᠪᠡᠭᠡᠨᠡᠬᠦ ᠪᠣᠯᠣᠨ᠎ᠠ》 ᠭᠡᠰᠡᠨ᠃
ᠠᠮᠣᠷᠢᠴᠤᠳ ᠤᠨ ᠬᠠᠭᠠᠨ ᠰᠢᠬᠣᠨ ᠢ ᠪᠤᠲᠠ ᠴᠣᠬᠢᠪᠠ
26 ᠪᠢ ᠺᠧᠳᠧᠮᠣᠲ ᠤᠨ ᠴᠥᠯ ᠡᠴᠡ ᠾᠧᠱᠪᠣᠨ ᠤ ᠬᠠᠭᠠᠨ ᠰᠢᠬᠣᠨ ᠳᠤ ᠡᠯᠴᠢᠳ ᠢᠯᠡᠭᠡᠬᠦ ᠳᠡᠭᠡᠨ ᠡᠪ ᠨᠠᠢᠷᠠᠮᠳᠠᠯ ᠤᠨ ᠦᠭᠡ ᠪᠡᠷ᠄ 27 《ᠲᠠᠨ ᠤ ᠨᠤᠲᠤᠭ ᠢᠶᠠᠷ ᠳᠠᠭᠠᠷᠢᠨ ᠥᠩᠭᠡᠷᠡᠬᠦ ᠶᠢ ᠪᠢᠳᠡᠨ ᠳᠦ ᠵᠥᠪᠰᠢᠶᠡᠷᠡᠭᠡᠴᠢ᠃ ᠪᠢᠳᠡ ᠪᠠᠷᠠᠭᠤᠨ ᠵᠡᠭᠦᠨ ᠲᠡᠰᠢ ᠬᠠᠵᠠᠢᠬᠤ ᠦᠭᠡᠢ᠂ ᠵᠥᠪᠬᠡᠨ ᠭᠣᠣᠯ ᠵᠠᠮ ᠢᠶᠠᠷ ᠶᠠᠪᠤᠬᠤ ᠪᠣᠯᠣᠨ᠎ᠠ᠃ 28 ᠲᠠ ᠢᠳᠡᠬᠦ ᠬᠣᠭᠣᠯᠠ ᠶᠢ ᠮᠢᠨᠢ ᠮᠥᠩᠭᠥ ᠪᠡᠷ ᠨᠠᠳᠠ ᠳᠤ ᠬᠤᠳᠠᠯᠳᠤ᠂ ᠤᠤᠭᠤᠬᠤ ᠤᠰᠤ ᠶᠢ ᠮᠢᠨᠢ ᠮᠥᠩᠭᠥ ᠪᠡᠷ ᠨᠠᠳᠠ ᠳᠤ ᠥᠭ᠃ ᠮᠠᠨ ᠤ ᠬᠢᠨ ᠶᠠᠪᠠᠭᠠᠨ ᠢᠶᠠᠷ ᠯᠠ ᠥᠩᠭᠡᠷᠡᠨ᠎ᠡ᠃ 29 ᠰᠧᠷ ᠲᠤ ᠰᠠᠭᠤᠳᠠᠭ ᠡᠰᠡᠦ᠋ ᠶᠢᠨ ᠦᠷ᠎ᠡ ᠤᠳᠤᠮ ᠪᠣᠯᠣᠨ ᠠᠷ ᠲᠤ ᠰᠠᠭᠤᠳᠠᠭ ᠮᠣᠶᠠᠪᠴᠤᠳ ᠤᠨ ᠪᠢᠳᠡᠨ ᠳᠦ ᠬᠠᠨᠳᠤᠭᠰᠠᠨ ᠤ ᠠᠳᠠᠯᠢ ᠲᠠ ᠴᠤ ᠪᠢᠳᠡᠨ ᠢ ᠶᠣᠷᠳᠠᠨ ᠭᠣᠣᠯ ᠢ ᠭᠠᠲᠤᠯᠵᠤ ᠪᠢᠳᠡᠨ ᠦ ᠪᠤᠷᠬᠠᠨ ᠶᠣᠬᠣᠸᠠ ᠶᠢᠨ ᠥᠭᠬᠦ ᠭᠡᠵᠦ ᠪᠠᠢᠭ᠎ᠠ ᠲᠡᠷᠡ ᠭᠠᠵᠠᠷ ᠤᠷᠤᠭᠤ ᠣᠷᠣᠬᠤ ᠬᠦᠷᠲᠡᠯ᠎ᠡ ᠨᠡᠪᠲᠡᠷᠡᠨ ᠥᠩᠭᠡᠷᠡᠬᠦ ᠶᠢ ᠮᠠᠨᠢ ᠵᠥᠪᠰᠢᠶᠡᠷᠡᠨ᠎ᠡ ᠤᠤ︖》 ᠭᠡᠪᠡ᠃ 30 ᠬᠠᠷᠢᠨ ᠾᠧᠱᠪᠣᠨ ᠤ ᠬᠠᠭᠠᠨ ᠰᠢᠬᠣᠨ ᠪᠢᠳᠡᠨ ᠢ ᠨᠤᠲᠤᠭ ᠢᠶᠠᠷ ᠨᠢ ᠥᠩᠭᠡᠷᠡᠬᠦ ᠳᠦ ᠳᠤᠷ᠎ᠠ ᠦᠭᠡᠢ ᠪᠠᠢᠯ᠎ᠠ᠃ ᠲᠠᠨ ᠤ ᠪᠤᠷᠬᠠᠨ ᠶᠣᠬᠣᠸᠠ ᠡᠢᠨ ᠬᠦ ᠲᠡᠭᠦᠨ ᠦ ᠵᠠᠩ ᠢ ᠬᠠᠲᠠᠭᠤᠷᠠᠭᠤᠯᠤᠨ᠂ ᠵᠢᠷᠦᠬᠡ ᠶᠢ ᠨᠢ ᠵᠥᠷᠢᠭᠦᠳ ᠪᠣᠯᠭᠠᠭᠰᠠᠨ ᠨᠢ ᠥᠨᠥᠳᠥᠷ ᠲᠡᠭᠦᠨ ᠢ ᠲᠠ ᠨᠠᠷ ᠤᠨ ᠭᠠᠷ ᠲᠤ ᠲᠤᠰᠢᠶᠠᠬᠤ ᠶᠢᠨ ᠲᠤᠯᠠᠳᠠ ᠪᠠᠢᠭᠰᠠᠨ᠃
31 ᠶᠣᠬᠣᠸᠠ ᠨᠠᠳᠠ ᠳᠤ ᠠᠢᠯᠠᠳᠤᠨ᠄ 《ᠬᠠᠷ᠎ᠠ᠂ ᠪᠢ ᠰᠢᠬᠣᠨ ᠪᠣᠯᠣᠨ ᠲᠡᠭᠦᠨ ᠦ ᠭᠠᠵᠠᠷ ᠨᠤᠲᠤᠭ ᠢ ᠴᠢᠮ᠎ᠠ ᠳᠤ ᠲᠤᠰᠢᠶᠠᠵᠤ ᠡᠬᠢᠯᠡᠭᠰᠡᠨ︕ ᠴᠢ ᠲᠡᠭᠦᠨ ᠦ ᠭᠠᠵᠠᠷ ᠢ ᠡᠵᠡᠮᠰᠢᠵᠦ᠂ ᠡᠵᠡᠮᠰᠢᠯ ᠢᠶᠠᠨ ᠪᠣᠯᠭᠠᠵᠤ ᠡᠬᠢᠯᠡ》 ᠭᠡᠯᠡ᠃ 32 ᠲᠡᠭᠡᠬᠦ ᠳᠦ ᠰᠢᠬᠣᠨ ᠪᠦᠬᠦ ᠠᠷᠠᠳ ᠲᠦᠮᠡᠨ ᠲᠡᠢ ᠪᠡᠨ ᠭᠠᠷᠴᠤ᠂ ᠪᠢᠳᠡᠨ ᠢ ᠲᠣᠰᠣᠨ ᠪᠠᠢᠯᠳᠤᠬᠤ ᠪᠠᠷ ᠶᠠᠬᠠᠽ ᠲᠤ ᠢᠷᠡᠭᠰᠡᠨ᠃ 33 ᠭᠡᠪᠡᠴᠦ ᠪᠢᠳᠡᠨ ᠦ ᠪᠤᠷᠬᠠᠨ ᠶᠣᠬᠣᠸᠠ ᠲᠡᠭᠦᠨ ᠢ ᠪᠢᠳᠡᠨ ᠳᠦ ᠲᠤᠰᠢᠶᠠᠵᠤ᠂ ᠪᠢᠳᠡ ᠲᠡᠭᠦᠨ ᠢ ᠬᠥᠪᠡᠭᠦᠳ ᠪᠣᠯᠣᠨ ᠪᠦᠬᠦ ᠠᠷᠠᠳ ᠲᠦᠮᠡᠨ ᠲᠡᠢ ᠨᠢ ᠬᠠᠮᠲᠤ ᠪᠤᠲᠠ ᠴᠣᠬᠢᠪᠠ᠃ 34 ᠲᠡᠷᠡ ᠦᠶ᠎ᠡ ᠳᠦ ᠪᠢᠳᠡ ᠲᠡᠭᠦᠨ ᠦ ᠪᠦᠬᠦ ᠬᠣᠲᠠ ᠶᠢ ᠡᠵᠡᠯᠡᠨ ᠠᠪᠴᠤ᠂ ᠬᠣᠲᠠ ᠪᠣᠯᠭᠠᠨ ᠳᠤ ᠡᠷᠡᠭᠲᠡᠢ ᠡᠮᠡᠭᠲᠡᠢ᠂ ᠬᠡᠦᠬᠡᠳ ᠨᠢᠯᠬ᠎ᠠ ᠭᠡᠵᠦ ᠢᠯᠭᠠᠯ ᠦᠭᠡᠢ ᠬᠦᠢᠰᠦ ᠲᠡᠮᠲᠡᠷᠢᠨ᠂ ᠨᠢᠭᠡ ᠶᠢ ᠴᠤ ᠦᠯᠡᠳᠡᠭᠡᠭᠰᠡᠨ ᠦᠭᠡᠢ᠃ 35 ᠬᠠᠷᠢᠨ ᠡᠵᠡᠯᠡᠭᠰᠡᠨ ᠬᠣᠲᠠ ᠨᠤᠭᠤᠳ ᠠᠴᠠ ᠪᠠᠨ ᠣᠯᠣᠭᠰᠠᠨ ᠮᠠᠯ ᠰᠦᠷᠦᠭ ᠪᠣᠯᠣᠨ ᠡᠳ᠋ ᠶᠠᠭᠤᠮᠠᠰ ᠢ ᠨᠢ ᠣᠯᠵᠠ ᠪᠣᠯᠭᠠᠨ ᠥᠪᠡᠷᠰᠡᠳ ᠲᠡᠭᠡᠨ ᠠᠪᠴᠠᠢ᠃ 36 ᠠᠷᠨᠣᠨ ᠤ ᠬᠥᠨᠳᠡᠢ ᠶᠢᠨ ᠵᠠᠬ᠎ᠠ ᠳᠠᠬᠢ ᠠᠷᠣᠶᠧᠷ ᠪᠣᠯᠣᠨ ᠲᠡᠷᠡ ᠬᠥᠨᠳᠡᠢ ᠳᠠᠬᠢ ᠬᠣᠲᠠ ᠠᠴᠠ ᠭᠢᠯᠧᠶᠠᠳ᠋ ᠬᠦᠷᠲᠡᠯ᠎ᠡ ᠪᠢᠳᠡᠨ ᠳᠦ ᠳᠡᠢᠯᠦᠰᠢ ᠦᠭᠡᠢ ᠬᠦᠴᠦᠷᠬᠡᠭ ᠬᠣᠲᠠ ᠨᠢᠭᠡ ᠴᠤ ᠪᠠᠢᠭᠰᠠᠨ ᠦᠭᠡᠢ᠃ ᠪᠢᠳᠡᠨ ᠦ ᠪᠤᠷᠬᠠᠨ ᠶᠣᠬᠣᠸᠠ ᠲᠡᠷᠡ ᠪᠦᠭᠦᠳᠡ ᠶᠢ ᠪᠢᠳᠡᠨ ᠳᠦ ᠲᠤᠰᠢᠶᠠᠭᠰᠠᠨ᠃ 37 ᠬᠠᠷᠢᠨ ᠲᠠ ᠨᠠᠷ ᠠᠮᠣᠨᠴᠤᠳ ᠤᠨ ᠨᠤᠲᠤᠭ᠂ ᠶᠠᠪᠣᠺ ᠭᠣᠣᠯ ᠤᠨ ᠡᠷᠭᠢᠨ ᠲᠣᠭᠣᠷᠢᠨ᠂ ᠠᠭᠤᠯᠠᠷᠬᠠᠭ ᠨᠤᠲᠤᠭ ᠳᠠᠬᠢ ᠬᠣᠲᠠ ᠨᠤᠭᠤᠳ ᠵᠡᠷᠭᠡ ᠪᠢᠳᠡᠨ ᠦ ᠪᠤᠷᠬᠠᠨ ᠶᠣᠬᠣᠸᠠ ᠶᠢᠨ ᠬᠣᠷᠢᠭᠯᠠᠭᠰᠠᠨ ᠭᠠᠵᠠᠷ ᠲᠤ ᠣᠢᠷᠠᠲᠤᠭ᠎ᠠ ᠦᠭᠡᠢ ᠪᠢᠯᠡ᠃