ᠳᠡᠳ᠋ ᠬᠠᠤᠯᠢ ᠶᠢᠰᠦ
ᠵᠥᠪᠲᠦ ᠪᠠᠢᠳᠠᠯ ᠠᠴᠠ ᠴᠢᠨᠢ ᠪᠣᠯᠣᠭᠰᠠᠨ ᠪᠢᠰᠢ
1 ᠰᠣᠨᠣᠰ᠂ ᠢᠰᠷᠧᠯ ᠡ︕ ᠥᠨᠥᠳᠥᠷ ᠴᠢ ᠶᠣᠷᠳᠠᠨ ᠭᠣᠣᠯ ᠢ ᠭᠠᠲᠤᠯᠬᠤ ᠭᠡᠵᠦ ᠪᠠᠢᠨ᠎ᠠ᠃ ᠴᠢ ᠥᠪᠡᠷ ᠡᠴᠡ ᠪᠡᠨ ᠬᠦᠴᠦᠷᠬᠡᠭ ᠶᠡᠬᠡ ᠭᠦᠷᠦᠨ ᠨᠦᠭᠦᠳ ᠲᠦ ᠣᠷᠣᠵᠤ᠂ ᠲᠡᠳᠡᠨ ᠢ ᠡᠵᠡᠮᠰᠢᠬᠦ ᠪᠣᠯᠣᠨ᠎ᠠ᠃ ᠬᠣᠲᠠ ᠨᠤᠭᠤᠳ ᠨᠢ ᠲᠩᠷᠢ ᠲᠤᠯᠤᠮ᠎ᠠ ᠥᠨᠳᠥᠷ ᠬᠡᠷᠡᠮ ᠲᠡᠢ᠂ 2 ᠬᠥᠮᠦᠰ ᠨᠢ ᠴᠤ ᠲᠣᠮᠣ ᠪᠥᠭᠡᠳ ᠥᠨᠳᠥᠷ ᠪᠡᠶ᠎ᠡ ᠲᠠᠢ ᠠᠨᠠᠺᠴᠤᠳ᠂ ᠴᠢ ᠲᠡᠳᠡᠨ ᠦ ᠲᠤᠬᠠᠢ ᠮᠡᠳᠡᠨ᠎ᠡ᠃ 《ᠠᠨᠠᠺᠴᠤᠳ ᠤᠨ ᠡᠮᠦᠨ᠎ᠡ ᠬᠡᠨ ᠵᠣᠭᠰᠣᠵᠤ ᠴᠢᠳᠠᠬᠤ ᠪᠢᠯᠡ︖》 ᠭᠡᠯᠴᠡᠳᠡᠭ᠃ 3 ᠬᠠᠷᠢᠨ ᠴᠢ ᠥᠨᠥᠳᠥᠷ ᠮᠡᠳᠡᠵᠦ ᠠᠪ᠃ ᠲᠠᠨ ᠤ ᠪᠤᠷᠬᠠᠨ ᠶᠣᠬᠣᠸᠠ ᠥᠪᠡᠷ ᠢᠶᠡᠨ ᠰᠥᠨᠥᠭᠡᠬᠦ ᠭᠠᠯ ᠪᠣᠯᠵᠤ᠂ ᠲᠠ ᠨᠠᠷ ᠤᠨ ᠡᠮᠦᠨ᠎ᠡ ᠭᠠᠲᠤᠯᠤᠨ ᠶᠠᠪᠤᠬᠤ ᠪᠥᠭᠡᠳ ᠲᠡᠷᠡ ᠥᠪᠡᠷ ᠢᠶᠡᠨ ᠲᠡᠳᠡᠨ ᠢ ᠴᠣᠬᠢᠵᠤ ᠴᠢᠨᠦ ᠡᠮᠦᠨ᠎ᠡ ᠤᠨᠠᠭᠠᠨ᠎ᠠ᠂ ᠶᠣᠬᠣᠸᠠ ᠶᠢᠨ ᠠᠢᠯᠠᠳᠤᠭᠰᠠᠨ ᠶᠣᠰᠣᠭᠠᠷ ᠴᠢ ᠲᠡᠳᠡᠨ ᠢ ᠳᠠᠷᠤᠢᠬᠠᠨ ᠬᠥᠭᠡᠭᠡᠨ ᠭᠠᠷᠭᠠᠵᠤ᠂ ᠤᠰᠠᠳᠬᠠᠬᠤ ᠪᠣᠯᠣᠨ᠎ᠠ᠃
4 ᠴᠢᠨᠦ ᠪᠤᠷᠬᠠᠨ ᠶᠣᠬᠣᠸᠠ ᠲᠡᠳᠡᠨ ᠢ ᠴᠢᠨᠦ ᠡᠮᠦᠨ᠎ᠡ ᠡᠴᠡ ᠬᠥᠭᠡᠭᠡᠨ ᠭᠠᠷᠭᠠᠬᠤ ᠳᠤ᠂ ᠴᠢ ᠳᠣᠲᠣᠷ᠎ᠠ ᠪᠠᠨ᠄ 《ᠮᠢᠨᠦ ᠵᠥᠪᠲᠦ ᠪᠠᠢᠳᠠᠯ ᠤᠨ ᠤᠯᠠᠮ ᠢᠶᠠᠷ ᠶᠣᠬᠣᠸᠠ ᠨᠠᠮᠠᠶᠢ ᠠᠪᠴᠢᠷᠠᠭᠠᠳ ᠡᠨᠡ ᠭᠠᠵᠠᠷ ᠨᠤᠲᠤᠭ ᠢ ᠡᠵᠡᠮᠰᠢᠭᠦᠯᠦᠭᠰᠡᠨ》 ᠭᠡᠵᠦ ᠪᠦᠦ ᠪᠣᠳᠣ᠃ ᠲᠡᠳᠡᠨ ᠢ ᠴᠢᠨᠦ ᠡᠮᠦᠨ᠎ᠡ ᠡᠴᠡ ᠬᠥᠭᠡᠭᠡᠨ ᠭᠠᠷᠭᠠᠬᠤ ᠨᠢ ᠡᠳᠡᠭᠡᠷ ᠦᠨᠳᠦᠰᠦᠲᠡᠨ ᠦ ᠭᠡᠮᠲᠦ ᠪᠠᠢᠳᠠᠯ ᠤᠨ ᠤᠯᠠᠮ ᠢᠶᠠᠷ ᠶᠤᠮ᠃ 5 ᠴᠢᠨᠦ ᠵᠥᠪᠲᠦ ᠪᠠᠢᠳᠠᠯ ᠤᠨ ᠤᠴᠢᠷ ᠪᠤᠶᠤ ᠴᠢᠨᠦ ᠰᠠᠨᠠᠭ᠎ᠠ ᠰᠡᠳᠬᠢᠯ ᠤᠨ ᠰᠢᠯᠤᠭᠤᠨ ᠰᠢᠳᠤᠷᠭᠤ ᠶᠢᠨ ᠤᠯᠠᠮ ᠢᠶᠠᠷ ᠴᠢ ᠲᠡᠨᠳᠡ ᠣᠷᠣᠵᠤ ᠲᠡᠳᠡᠨ ᠦ ᠭᠠᠵᠠᠷ ᠢ ᠡᠵᠡᠮᠰᠢᠬᠦ ᠪᠢᠰᠢ᠂ ᠬᠠᠷᠢᠨ ᠡᠳᠡᠭᠡᠷ ᠦᠨᠳᠦᠰᠦᠲᠡᠨ ᠦ ᠭᠡᠮᠲᠦ ᠪᠠᠢᠳᠠᠯ ᠤᠨ ᠤᠯᠠᠮ ᠢᠶᠠᠷ ᠴᠢᠨᠦ ᠪᠤᠷᠬᠠᠨ ᠶᠣᠬᠣᠸᠠ ᠲᠡᠳᠡᠨ ᠢ ᠴᠢᠨᠦ ᠡᠮᠦᠨ᠎ᠡ ᠡᠴᠡ ᠬᠥᠭᠡᠭᠡᠨ ᠭᠠᠷᠭᠠᠬᠤ ᠭᠡᠰᠡᠨ ᠶᠤᠮ᠃ ᠶᠣᠬᠣᠸᠠ ᠲᠡᠢᠨ ᠬᠦ ᠲᠠᠨ ᠤ ᠡᠴᠢᠭᠡ ᠡᠪᠦᠭᠡᠳ ᠠᠪᠷᠠᠬᠠᠮ᠂ ᠢᠰᠠᠺ᠂ ᠶᠠᠺᠣᠪ ᠲᠤ ᠲᠠᠩ᠋ᠭᠠᠷᠢᠭᠯᠠᠭᠰᠠᠨ ᠢᠶᠠᠨ ᠪᠡᠶᠡᠯᠡᠭᠦᠯᠦᠨ᠎ᠡ᠃ 6 ᠴᠢᠨᠦ ᠪᠤᠷᠬᠠᠨ ᠶᠣᠬᠣᠸᠠ ᠴᠢᠮ᠎ᠠ ᠳᠤ ᠡᠨᠡ ᠰᠠᠢᠬᠠᠨ ᠨᠤᠲᠤᠭ ᠢ ᠣᠯᠭᠣᠵᠤ ᠡᠵᠡᠮᠰᠢᠭᠦᠯᠬᠦ ᠭᠡᠵᠦ ᠪᠠᠢᠭ᠎ᠠ ᠨᠢ ᠴᠢᠨᠦ ᠵᠥᠪᠲᠦ ᠪᠠᠢᠳᠠᠯ ᠤᠨ ᠤᠯᠠᠮ ᠢᠶᠠᠷ ᠪᠢᠰᠢ ᠭᠡᠳᠡᠭ ᠢ ᠴᠢ ᠮᠡᠳᠡᠵᠦ ᠠᠪ᠃ ᠦᠨᠡᠨ ᠳᠡᠭᠡᠨ ᠲᠠ ᠨᠠᠷ ᠪᠣᠯ ᠵᠥᠷᠢᠭᠦᠳ ᠠᠷᠠᠳ ᠲᠦᠮᠡᠨ ᠶᠤᠮ᠃
ᠢᠰᠷᠧᠯ ᠤᠨ ᠤᠷᠪᠠᠯᠲᠠ ᠮᠣᠰᠧ ᠶᠢᠨ ᠭᠤᠶᠤᠯᠲᠠ
7 ᠴᠥᠯ ᠳᠤ ᠲᠠ ᠨᠠᠷ ᠶᠣᠬᠣᠸᠠ ᠪᠤᠷᠬᠠᠨ ᠢᠶᠠᠨ ᠶᠠᠭᠠᠬᠢᠵᠤ ᠬᠢᠯᠢᠩᠨᠡᠭᠦᠯᠵᠦ ᠪᠠᠢᠭᠰᠠᠨ ᠢᠶᠠᠨ ᠮᠠᠷᠲᠠᠯ ᠦᠭᠡᠢ ᠰᠠᠨᠠᠵᠤ ᠶᠠᠪᠤ᠃ ᠴᠢ ᠶᠧᠵᠢᠫᠲ ᠢ ᠣᠷᠬᠢᠭᠰᠠᠨ ᠡᠳᠦᠷ ᠡᠴᠡ ᠬᠣᠢᠰᠢ᠂ ᠡᠨᠡ ᠭᠠᠵᠠᠷ ᠲᠤ ᠢᠷᠡᠲᠡᠯ᠎ᠡ ᠪᠡᠨ ᠶᠣᠬᠣᠸᠠ ᠶᠢ ᠡᠰᠡᠷᠭᠦᠴᠡᠭᠰᠡᠭᠡᠷ ᠪᠠᠢᠭᠰᠠᠨ᠃ 8 ᠲᠠ ᠨᠠᠷ ᠬᠣᠷᠧᠪ ᠠᠭᠤᠯᠠᠨ ᠳᠤ ᠶᠣᠬᠣᠸᠠ ᠶᠢ ᠬᠢᠯᠢᠩᠨᠡᠭᠦᠯᠦᠭᠰᠡᠨ ᠲᠤᠯᠠ ᠶᠣᠬᠣᠸᠠ ᠲᠠ ᠨᠠᠷ ᠲᠤ ᠶᠡᠬᠡᠳᠡ ᠠᠭᠤᠷᠯᠠᠵᠤ ᠲᠠ ᠨᠠᠷ ᠢ ᠤᠰᠠᠳᠬᠠᠬᠤ ᠭᠡᠰᠡᠨ ᠪᠢᠯᠡ᠃ 9 ᠲᠡᠷᠡ ᠦᠶ᠎ᠡ ᠳᠦ ᠪᠢ ᠴᠢᠯᠠᠭᠤᠨ ᠬᠠᠪᠲᠠᠰᠤ᠂ ᠲᠤᠬᠠᠢᠯᠠᠪᠠᠯ ᠶᠣᠬᠣᠸᠠ ᠶᠢᠨ ᠲᠠ ᠨᠠᠷ ᠲᠠᠢ ᠪᠠᠢᠭᠤᠯᠤᠭᠰᠠᠨ ᠭᠡᠷ᠎ᠡ ᠶᠢᠨ ᠬᠠᠪᠲᠠᠰᠤ ᠶᠢ ᠠᠪᠬᠤ ᠪᠠᠷ ᠲᠡᠷᠡ ᠠᠭᠤᠯᠠᠨ ᠳᠤ ᠭᠠᠷᠤᠭᠠᠳ ᠪᠠᠢᠯ᠎ᠠ᠃ ᠲᠡᠷᠡ ᠠᠭᠤᠯᠠᠨ ᠳᠤ ᠪᠢ ᠳᠥᠴᠢᠨ ᠡᠳᠦᠷ ᠳᠥᠴᠢᠨ ᠰᠥᠨᠢ ᠪᠠᠢᠬᠤ ᠳᠠᠭᠠᠨ ᠪᠣᠣᠪᠣ ᠴᠤ ᠢᠳᠡᠭᠡ ᠦᠭᠡᠢ᠂ ᠤᠰᠤ ᠴᠤ ᠤᠤᠭᠤᠭ᠎ᠠ ᠦᠭᠡᠢ᠃ 10 ᠶᠣᠬᠣᠸᠠ ᠬᠤᠷᠤᠭᠤ ᠪᠠᠷ ᠢᠶᠠᠨ ᠪᠢᠴᠢᠭᠰᠡᠨ ᠬᠣᠶᠠᠷ ᠴᠢᠯᠠᠭᠤᠨ ᠬᠠᠪᠲᠠᠰᠤ ᠶᠢ ᠨᠠᠳᠠ ᠳᠤ ᠥᠭᠭᠥᠭᠰᠡᠨ᠃ ᠨᠡᠢᠲᠡ ᠴᠢᠭᠤᠯᠭᠠᠨ ᠪᠣᠯᠣᠭᠰᠠᠨ ᠲᠡᠷᠡ ᠡᠳᠦᠷ ᠠᠭᠤᠯᠠ ᠶᠢᠨ ᠣᠷᠣᠢ ᠳᠡᠭᠡᠷ᠎ᠡ ᠭᠠᠯ ᠤᠨ ᠳᠤᠮᠳᠠ ᠠᠴᠠ ᠲᠠ ᠨᠠᠷ ᠲᠤ ᠬᠠᠨᠳᠤᠵᠤ ᠶᠣᠬᠣᠸᠠ ᠶᠢᠨ ᠠᠢᠯᠠᠳᠤᠭᠰᠠᠨ ᠪᠦᠬᠦ ᠦᠭᠡ ᠲᠡᠳᠡᠭᠡᠷ ᠬᠠᠪᠲᠠᠰᠤᠨ ᠳᠡᠭᠡᠷ᠎ᠡ ᠪᠠᠢᠭᠰᠠᠨ᠃ 11 ᠲᠡᠷᠡ ᠬᠦ ᠳᠥᠴᠢᠨ ᠡᠳᠦᠷ ᠳᠥᠴᠢᠨ ᠰᠥᠨᠢ ᠶᠢᠨ ᠡᠴᠦᠰ ᠲᠦ ᠶᠣᠬᠣᠸᠠ ᠨᠠᠳᠠ ᠳᠤ ᠭᠡᠷ᠎ᠡ ᠶᠢᠨ ᠬᠠᠪᠲᠠᠰᠤ ᠪᠣᠯᠬᠤ ᠬᠣᠶᠠᠷ ᠴᠢᠯᠠᠭᠤᠨ ᠬᠠᠪᠲᠠᠰᠤ ᠶᠢ ᠥᠭᠴᠦ᠂ 12 ᠨᠠᠳᠠ ᠳᠤ ᠠᠢᠯᠠᠳᠤᠨ᠄ 《ᠴᠢ ᠡ᠊ᠨᠳᠡ ᠡᠴᠡ ᠬᠤᠷᠳᠤᠨ ᠪᠠᠭᠤᠵᠤ ᠶᠠᠪᠤ᠃ ᠴᠢᠨᠦ ᠶᠧᠵᠢᠫᠲ ᠡᠴᠡ ᠭᠠᠷᠭᠠᠭᠰᠠᠨ ᠠᠷᠠᠳ ᠲᠦᠮᠡᠨ ᠵᠠᠪᠬᠠᠢᠷᠠᠭᠰᠠᠨ ᠪᠠᠢᠨ᠎ᠠ᠂ ᠲᠡᠳᠡ ᠮᠢᠨᠦ ᠲᠤᠰᠢᠶᠠᠭᠰᠠᠨ ᠵᠠᠮ ᠠᠴᠠ ᠮᠠᠰᠢ ᠲᠦᠷᠭᠡᠨ ᠡᠷᠭᠢᠵᠦ᠂ ᠥᠪᠡᠷᠰᠡᠳ ᠲᠡᠭᠡᠨ ᠵᠣᠷᠢᠭᠤᠯᠤᠨ ᠴᠢᠳᠬᠤᠮᠠᠯ ᠬᠥᠷᠥᠭ ᠬᠢᠵᠡᠢ》 ᠭᠡᠰᠡᠨ᠃ 13 ᠶᠣᠬᠣᠸᠠ ᠴᠢᠨᠠᠭᠰᠢ ᠨᠢ ᠨᠠᠳᠠ ᠳᠤ᠄ 《ᠪᠢ ᠡᠨᠡ ᠠᠷᠠᠳ ᠲᠦᠮᠡᠨ ᠢ ᠬᠠᠷᠠᠯ᠎ᠠ᠃ ᠲᠡᠳᠡ ᠦᠨᠡᠬᠡᠷ ᠵᠥᠷᠢᠭᠦᠳ ᠠᠷᠠᠳ ᠲᠦᠮᠡᠨ ᠪᠠᠢᠨ᠎ᠠ︕ 14 ᠨᠠᠮᠠᠶᠢ ᠪᠦᠦ ᠬᠣᠷᠢᠭᠯᠠ᠃ ᠪᠢ ᠲᠡᠳᠡᠨ ᠢ ᠤᠰᠠᠳᠬᠠᠵᠤ᠂ ᠲᠡᠳᠡᠨ ᠦ ᠨᠡᠷ᠎ᠡ ᠶᠢ ᠲᠩᠷᠢ ᠶᠢᠨ ᠳᠣᠣᠷ᠎ᠠ ᠠᠴᠠ ᠠᠷᠴᠢᠵᠤ᠂ ᠲᠡᠳᠡᠨ ᠡᠴᠡ ᠢᠯᠡᠭᠦᠦ ᠬᠦᠴᠦᠷᠬᠡᠭ᠂ ᠢᠯᠡᠭᠦᠦ ᠠᠭᠤᠤ ᠦᠨᠳᠦᠰᠦᠲᠡᠨ ᠢ ᠴᠢᠮ᠎ᠠ ᠠᠴᠠ ᠡᠭᠦᠰᠭᠡᠨ᠎ᠡ》 ᠭᠡᠰᠡᠨ᠃
15 ᠠᠭᠤᠯᠠᠨ ᠳᠤ ᠭᠠᠯ ᠳᠦᠷᠡᠯᠵᠡᠵᠦ ᠪᠠᠢᠬᠤ ᠳᠤ᠂ ᠪᠢ ᠪᠤᠴᠠᠵᠤ ᠠᠭᠤᠯᠠᠨ ᠠᠴᠠ ᠪᠠᠭᠤᠭᠰᠠᠨ ᠪᠠ ᠮᠢᠨᠦ ᠬᠣᠶᠠᠷ ᠭᠠᠷ ᠲᠤ ᠭᠡᠷ᠎ᠡ ᠶᠢᠨ ᠬᠣᠶᠠᠷ ᠬᠠᠪᠲᠠᠰᠤ ᠪᠠᠢᠪᠠ᠃ 16 ᠪᠢ ᠦᠵᠡᠬᠦ ᠳᠦ᠂ ᠲᠠ ᠨᠠᠷ ᠥᠪᠡᠷᠰᠡᠳ ᠲᠡᠭᠡᠨ ᠲᠤᠭᠤᠯ ᠤᠨ ᠬᠥᠷᠥᠭ ᠴᠢᠳᠬᠤᠭᠰᠠᠨ ᠢᠶᠠᠷ ᠢᠶᠠᠨ ᠶᠣᠬᠣᠸᠠ ᠳᠤ ᠦᠨᠡᠬᠡᠷ ᠨᠢᠭᠦᠯ ᠦᠢᠯᠡᠳᠦᠭᠰᠡᠨ ᠪᠢᠯᠡ︕ ᠲᠠ ᠨᠠᠷ ᠶᠣᠬᠣᠸᠠ ᠶᠢᠨ ᠲᠤᠰᠢᠶᠠᠭᠰᠠᠨ ᠵᠠᠮ ᠠᠴᠠ ᠲᠦᠷᠭᠡᠨ ᠡᠷᠭᠢᠭᠰᠡᠨ ᠤᠴᠢᠷ 17 ᠪᠢ ᠥᠨᠥᠬᠢ ᠬᠣᠶᠠᠷ ᠬᠠᠪᠲᠠᠰᠤ ᠶᠢ ᠠᠪᠴᠤ᠂ ᠬᠣᠶᠠᠷ ᠭᠠᠷ ᠢᠶᠠᠷ ᠢᠶᠠᠨ ᠰᠢᠳᠡᠭᠡᠳ ᠲᠠ ᠨᠠᠷ ᠤᠨ ᠨᠢᠳᠦᠨ ᠦ ᠡᠮᠦᠨ᠎ᠡ ᠪᠤᠲᠠᠯᠤᠭᠰᠠᠨ ᠪᠢᠯᠡ᠃ 18 ᠶᠣᠬᠣᠸᠠ ᠶᠢᠨ ᠮᠡᠯᠮᠡᠢ ᠳᠦ ᠪᠤᠵᠠᠷ ᠢ ᠦᠢᠯᠡᠳᠦᠭᠰᠡᠨ ᠢᠶᠡᠷ ᠢᠶᠠᠨ ᠲᠡᠭᠦᠨ ᠢ ᠠᠭᠤᠷᠯᠠᠭᠤᠯᠤᠭᠰᠠᠨ ᠲᠠ ᠨᠠᠷ ᠤᠨ ᠬᠠᠮᠤᠭ ᠨᠢᠭᠦᠯ ᠦᠨ ᠤᠯᠠᠮ ᠢᠶᠠᠷ ᠪᠢ ᠶᠣᠬᠣᠸᠠ ᠶᠢᠨ ᠡᠮᠦᠨ᠎ᠡ ᠤᠷᠢᠳᠤ ᠶᠢᠨ ᠠᠳᠠᠯᠢ ᠳᠥᠴᠢᠨ ᠡᠳᠦᠷ ᠳᠥᠴᠢᠨ ᠰᠥᠨᠢ ᠲᠦᠷᠦᠭᠦᠯᠭᠡ ᠬᠠᠷᠠᠨ ᠬᠡᠪᠲᠡᠵᠦ᠂ ᠪᠣᠣᠪᠣ ᠴᠤ ᠢᠳᠡᠭᠡ ᠦᠭᠡᠢ᠂ ᠤᠰᠤ ᠴᠤ ᠤᠤᠭᠤᠭ᠎ᠠ ᠦᠭᠡᠢ᠃ 19 ᠶᠣᠬᠣᠸᠠ ᠲᠠ ᠨᠠᠷ ᠲᠤ ᠬᠢᠯᠢᠩᠨᠡᠵᠦ᠂ ᠲᠠ ᠨᠠᠷ ᠢ ᠤᠰᠠᠳᠬᠠᠬᠤ ᠭᠡᠬᠦ ᠳᠦ᠂ ᠪᠢ ᠳᠣᠭᠰᠢᠨ ᠬᠢᠯᠢᠩ ᠡᠴᠡ ᠨᠢ ᠠᠶᠤᠭᠰᠠᠨ ᠪᠣᠯᠪᠠᠴᠤ ᠶᠣᠬᠣᠸᠠ ᠲᠡᠷᠡ ᠦᠶ᠎ᠡ ᠳᠦ ᠮᠥᠨ ᠮᠢᠨᠦᠬᠢ ᠶᠢ ᠰᠣᠨᠣᠰᠣᠭᠰᠠᠨ᠃ 20 ᠶᠣᠬᠣᠸᠠ ᠠᠷᠣᠨ ᠳᠤ ᠶᠡᠬᠡᠳᠡ ᠠᠭᠤᠷᠯᠠᠵᠤ᠂ ᠲᠡᠭᠦᠨ ᠢ ᠤᠰᠠᠳᠬᠠᠬᠤ ᠭᠡᠰᠡᠨ᠂ ᠲᠡᠷᠡ ᠴᠠᠭ ᠲᠤ ᠪᠢ ᠮᠥᠨ ᠲᠡᠭᠦᠨ ᠦ ᠲᠥᠯᠥᠭᠡ ᠭᠤᠶᠤᠭᠰᠠᠨ᠃ 21 ᠲᠠ ᠨᠠᠷ ᠤᠨ ᠨᠢᠭᠦᠯ᠂ ᠲᠠ ᠨᠠᠷ ᠤᠨ ᠬᠢᠭᠰᠡᠨ ᠲᠤᠭᠤᠯ ᠢ ᠪᠢ ᠠᠪᠴᠤ ᠭᠠᠯ ᠳᠤ ᠰᠢᠲᠠᠭᠠᠨ᠂ ᠨᠠᠷᠢᠨ ᠲᠣᠭᠣᠰᠣ ᠪᠣᠯᠲᠠᠯ᠎ᠠ ᠨᠢ ᠪᠤᠲᠠᠯᠵᠤ ᠨᠤᠨᠲᠠᠭᠯᠠᠭᠠᠳ᠂ ᠠᠭᠤᠯᠠᠨ ᠠᠴᠠ ᠤᠷᠤᠰᠤᠨ ᠪᠠᠢᠭ᠎ᠠ ᠭᠣᠷᠣᠬᠠᠨ ᠤ ᠤᠰᠤᠨ ᠳᠤ ᠰᠠᠴᠤᠭᠰᠠᠨ᠃
22 ᠲᠠ ᠨᠠᠷ ᠲᠠᠪᠧᠷᠠ᠂ ᠮᠠᠰᠠ᠂ ᠺᠢᠪᠷᠣᠲ ᠬᠠᠲ᠋ᠠᠸᠠ ᠳᠤ ᠴᠤ ᠶᠣᠬᠣᠸᠠ ᠶᠢ ᠬᠢᠯᠢᠩᠨᠡᠭᠦᠯᠦᠭᠰᠡᠨ᠃ 23 ᠶᠣᠬᠣᠸᠠ ᠲᠠ ᠨᠠᠷ ᠢ ᠺᠠᠳᠧᠱ ᠪᠠᠷᠨᠧᠶ᠎ᠠ ᠠᠴᠠ ᠶᠠᠪᠤᠭᠤᠯᠬᠤ ᠳᠠᠭᠠᠨ᠄ 《ᠲᠠ ᠨᠠᠷ ᠶᠠᠪᠤᠵᠤ᠂ ᠮᠢᠨᠦ ᠥᠭᠭᠥᠭᠰᠡᠨ ᠭᠠᠵᠠᠷ ᠢ ᠡᠵᠡᠮᠰᠢ》 ᠭᠡᠵᠦ ᠬᠡᠯᠡᠭᠰᠡᠨ ᠪᠣᠯᠪᠠᠴᠤ ᠲᠠ ᠨᠠᠷ ᠶᠣᠬᠣᠸᠠ ᠪᠤᠷᠬᠠᠨ ᠤ ᠪᠠᠨ ᠲᠤᠰᠢᠶᠠᠯ ᠢ ᠡᠰᠡᠷᠭᠦᠴᠡᠵᠦ᠂ ᠲᠡᠭᠦᠨ ᠳᠦ ᠢᠲᠡᠭᠡᠭᠰᠡᠨ ᠴᠤ ᠦᠭᠡᠢ᠂ ᠲᠡᠭᠦᠨ ᠦ ᠦᠭᠡ ᠶᠢ ᠰᠣᠨᠣᠰᠣᠭᠰᠠᠨ ᠴᠤ ᠦᠭᠡᠢ᠃ 24 ᠪᠢ ᠲᠠ ᠨᠠᠷ ᠢ ᠲᠠᠨᠢᠭᠰᠠᠨ ᠲᠡᠷᠡ ᠡᠳᠦᠷ ᠡᠴᠡ ᠠᠪᠤᠭᠠᠳ ᠲᠠ ᠨᠠᠷ ᠶᠣᠬᠣᠸᠠ ᠶᠢ ᠡᠰᠡᠷᠭᠦᠴᠡᠭᠰᠡᠭᠡᠷ ᠢᠷᠡᠭᠰᠡᠨ᠃
25 ᠶᠣᠬᠣᠸᠠ ᠲᠠ ᠨᠠᠷ ᠢ ᠤᠰᠠᠳᠬᠠᠨ᠎ᠠ ᠭᠡᠵᠦ ᠠᠢᠯᠠᠳᠤᠭᠰᠠᠨ ᠠᠴᠠ ᠪᠣᠯᠵᠤ᠂ ᠪᠢ ᠲᠡᠭᠦᠨ ᠦ ᠡᠮᠦᠨ᠎ᠡ ᠳᠥᠴᠢᠨ ᠡᠳᠦᠷ ᠳᠥᠴᠢᠨ ᠰᠥᠨᠢ ᠲᠡᠢᠨ ᠬᠦ ᠲᠦᠷᠦᠭᠦᠯᠭᠡ ᠬᠠᠷᠠᠨ ᠬᠡᠪᠲᠡᠭᠰᠡᠨ ᠪᠢᠯᠡ᠃ 26 ᠪᠢ ᠶᠣᠬᠣᠸᠠ ᠳᠤ ᠳᠠᠭᠠᠳᠬᠠᠨ᠄ 《ᠡᠵᠡᠨ ᠶᠣᠬᠣᠸᠠ︕ ᠲᠠ ᠠᠭᠤᠤ ᠬᠦᠴᠦ ᠪᠡᠷ ᠢᠶᠠᠨ ᠵᠣᠯᠢᠵᠤ ᠠᠪᠤᠭᠰᠠᠨ᠂ ᠬᠦᠴᠦᠷᠬᠡᠭ ᠮᠤᠲᠤᠷ ᠢᠶᠠᠷ ᠢᠶᠠᠨ ᠶᠧᠵᠢᠫᠲ ᠡᠴᠡ ᠠᠪᠴᠢᠷᠠᠭᠰᠠᠨ ᠥᠪᠡᠷ ᠦᠨ ᠢᠶᠠᠨ ᠠᠷᠠᠳ ᠲᠦᠮᠡᠨ᠂ ᠥᠪᠡᠷ ᠦᠨ ᠢᠶᠠᠨ ᠥᠪ ᠢ ᠪᠢᠲᠡᠭᠡᠢ ᠤᠰᠠᠳᠬᠠᠭᠠᠴᠢ᠂ 27 ᠥᠪᠡᠷ ᠦᠨ ᠢᠶᠠᠨ ᠵᠠᠷᠤᠴᠠ ᠠᠪᠷᠠᠬᠠᠮ᠂ ᠢᠰᠠᠺ᠂ ᠶᠠᠺᠣᠪ ᠨᠠᠷ ᠢᠶᠠᠨ ᠰᠠᠨᠠᠵᠤ᠂ ᠡᠨᠡ ᠠᠷᠠᠳ ᠲᠦᠮᠡᠨ ᠦ ᠵᠥᠷᠢᠭᠦᠳ ᠵᠠᠩ᠂ ᠬᠠᠷ᠎ᠠ ᠰᠠᠨᠠᠭ᠎ᠠ᠂ ᠭᠡᠮ ᠨᠢᠭᠦᠯ ᠢ ᠪᠢᠲᠡᠭᠡᠢ ᠣᠢᠰᠢᠶᠠᠭᠠᠴᠢ᠃ 28 ᠡᠰᠡ ᠪᠥᠭᠡᠰᠦ ᠲᠠᠨ ᠤ ᠪᠢᠳᠡᠨ ᠢ ᠭᠠᠷᠭᠠᠵᠤ ᠠᠪᠤᠭᠰᠠᠨ ᠲᠡᠷᠡ ᠨᠤᠲᠤᠭ ᠤᠨ ᠬᠢᠨ᠄ 〈ᠶᠣᠬᠣᠸᠠ ᠠᠮᠠᠯᠠᠭᠰᠠᠨ ᠭᠠᠵᠠᠷ ᠲᠠᠭᠠᠨ ᠲᠡᠳᠡᠨ ᠢ ᠠᠪᠠᠴᠢᠬᠤ ᠴᠢᠳᠠᠪᠤᠷᠢ ᠦᠭᠡᠢ᠂ ᠮᠥᠨ ᠲᠡᠳᠡᠨ ᠳᠦ ᠳᠤᠷ᠎ᠠ ᠦᠭᠡᠶᠢᠴᠡᠭᠰᠡᠨ ᠪᠣᠯᠬᠣᠷ ᠲᠡᠳᠡᠨ ᠢ ᠴᠥᠯ ᠳᠤ ᠠᠯᠠᠬᠤ ᠪᠠᠷ ᠠᠪᠠᠴᠢᠭᠰᠠᠨ ᠳᠠ〉 ᠭᠡᠵᠦ ᠬᠡᠯᠡᠬᠦ ᠪᠣᠯᠣᠨ᠎ᠠ᠃ 29 ᠬᠠᠷᠢᠨ ᠡᠳᠡ ᠨᠠᠷ ᠪᠣᠯ ᠲᠠᠨ ᠤ ᠠᠤᠭ᠎ᠠ ᠬᠦᠴᠦ᠂ ᠰᠤᠩ᠋ᠭᠠᠭᠰᠠᠨ ᠮᠤᠲᠤᠷ ᠢᠶᠠᠷ ᠢᠶᠠᠨ ᠠᠪᠴᠢᠷᠠᠭᠰᠠᠨ ᠲᠠᠨ ᠤ ᠠᠷᠠᠳ ᠲᠦᠮᠡᠨ᠂ ᠲᠠᠨ ᠤ ᠥᠪ ᠪᠢᠯᠡ》 ᠭᠡᠰᠡᠨ᠃