1 2 3 4 5 6 7 8 9 10 11 12 13 14 15 16 17 18 19 20 21 22 23 24 25 26 27 28 29 30 31 32 33 34


ᠳᠡᠳ᠋ ᠬᠠᠤᠯᠢ ᠠᠷᠪᠠᠨ ᠳᠣᠯᠣᠭ᠎ᠠ

1 ᠴᠢ ᠪᠤᠷᠬᠠᠨ ᠶᠣᠬᠣᠸᠠ ᠳᠠᠭᠠᠨ ᠰᠣᠭᠣᠭ ᠲᠠᠢ ᠪᠤᠶᠤ ᠶᠠᠮᠠᠷ ᠨᠢᠭᠡᠨ ᠥ ᠰᠡᠪ ᠲᠡᠢ ᠦᠬᠡᠷ᠂ ᠬᠣᠨᠢ ᠶᠢ ᠪᠦᠦ ᠡᠷᠭᠦ᠃ ᠡᠳᠡᠭᠡᠷ ᠨᠢ ᠴᠢᠨᠦ ᠪᠤᠷᠬᠠᠨ ᠶᠣᠬᠣᠸᠠ ᠳᠤ ᠵᠢᠭᠰᠢᠭᠦᠷᠢᠲᠦ ᠵᠦᠢᠯ ᠶᠤᠮ᠃
 ᠰᠢᠲᠦᠭᠡᠨ ᠰᠢᠲᠦᠭᠴᠢᠳ ᠢ ᠰᠢᠳᠬᠡᠬᠦ ᠵᠢᠷᠤᠮ

2 ᠶᠣᠬᠣᠸᠠ ᠪᠤᠷᠬᠠᠨ ᠠᠴᠠ ᠴᠢᠨᠢ ᠴᠢᠮ᠎ᠠ ᠳᠤ ᠰᠣᠶᠣᠷᠬᠠᠬᠤ ᠬᠣᠲᠠ ᠲᠣᠰᠬᠣᠨ ᠨᠤᠭᠤᠳ ᠤᠨ ᠠᠯᠢ ᠨᠢᠭᠡᠨ ᠳᠦ᠂ ᠲᠠ ᠨᠠᠷ ᠤᠨ ᠳᠤᠮᠳᠠᠬᠢ ᠡᠷᠡᠭᠲᠡᠢ ᠡᠮᠡᠭᠲᠡᠢ ᠬᠥᠮᠦᠨ ᠲᠠᠨ ᠤ ᠪᠤᠷᠬᠠᠨ ᠶᠣᠬᠣᠸᠠ ᠶᠢᠨ ᠡᠮᠦᠨ᠎ᠡ ᠮᠠᠭᠤ ᠶᠢ ᠦᠢᠯᠡᠳᠦᠨ ᠲᠡᠭᠦᠨ ᠦ ᠭᠡᠷ᠎ᠡ ᠶᠢ ᠵᠥᠷᠢᠴᠡᠵᠦ᠂ 3 ᠮᠢᠨᠦ ᠲᠤᠰᠢᠶᠠᠯ ᠤᠨ ᠡᠰᠡᠷᠭᠦ ᠥᠭᠡᠷ᠎ᠡ ᠪᠤᠷᠬᠠᠳ ᠤᠷᠤᠭᠤ ᠶᠠᠪᠤᠨ ᠦᠢᠯᠡᠴᠢᠯᠡᠵᠦ᠂ ᠲᠡᠳᠡᠨ ᠳᠦ ᠪᠤᠶᠤ ᠨᠠᠷᠠ᠂ ᠰᠠᠷᠠ᠂ ᠲᠩᠷᠢ ᠶᠢᠨ ᠠᠯᠢᠪᠠ ᠡᠷᠬᠡᠰ ᠲᠦ ᠮᠥᠷᠭᠥᠬᠦ ᠲᠣᠬᠢᠶᠠᠯᠳᠤᠯ ᠳᠤ᠂ 4 ᠡᠨᠡ ᠶᠠᠪᠤᠳᠠᠯ ᠴᠢᠨᠦ ᠰᠣᠨᠣᠷ ᠲᠤ ᠬᠦᠷᠪᠡᠯ ᠴᠢ ᠰᠠᠢᠲᠤᠷ ᠪᠠᠢᠴᠠᠭ᠎ᠠ᠃ ᠬᠡᠷᠪᠡ ᠲᠡᠢᠮᠦ ᠵᠢᠭᠰᠢᠭᠦᠷᠢᠲᠦ ᠶᠠᠪᠤᠳᠠᠯ ᠢᠰᠷᠧᠯ ᠤᠨ ᠳᠣᠲᠣᠷ᠎ᠠ ᠲᠣᠬᠢᠶᠠᠯᠳᠤᠭᠰᠠᠨ ᠨᠢ ᠪᠠᠲᠤ ᠦᠨᠡᠨ ᠪᠠᠢᠪᠠᠯ᠂ 5 ᠴᠢ ᠲᠡᠢᠮᠦ ᠮᠠᠭᠤ ᠬᠡᠷᠡᠭ ᠢ ᠬᠢᠭᠰᠡᠨ ᠡᠷᠡᠭᠲᠡᠢ᠂ ᠡᠰᠡᠪᠡᠯ ᠡᠮᠡᠭᠲᠡᠢ ᠶᠢ ᠬᠣᠲᠠ ᠶᠢᠨ ᠬᠠᠭᠠᠯᠭ᠎ᠠ ᠤᠷᠤᠭᠤ ᠠᠪᠠᠴᠢᠵᠤ᠂ ᠲᠡᠷᠡ ᠡᠷᠡᠭᠲᠡᠢ ᠪᠤᠶᠤ ᠡᠮᠡᠭᠲᠡᠢ ᠶᠢ ᠴᠢᠯᠠᠭᠤ ᠪᠠᠷ ᠰᠢᠳᠡᠵᠦ ᠠᠯᠠ᠃ 6 ᠠᠯᠠᠬᠤ ᠶᠠᠯ᠎ᠠ ᠲᠣᠭᠲᠠᠭᠠᠬᠤ ᠳᠤ ᠬᠣᠶᠠᠷ᠂ ᠭᠤᠷᠪᠠᠨ ᠬᠥᠮᠦᠨ ᠦ ᠭᠡᠷᠡᠴᠢ ᠪᠠᠢᠬᠤ ᠬᠡᠷᠡᠭᠲᠡᠢ᠃ ᠭᠠᠭᠴᠠ ᠬᠥᠮᠦᠨ ᠦ ᠭᠡᠷᠡᠴᠢ ᠪᠠᠷ ᠠᠯᠠᠬᠤ ᠶᠠᠯ᠎ᠠ ᠲᠣᠭᠲᠠᠭᠠᠵᠤ ᠪᠣᠯᠬᠤ ᠦᠭᠡᠢ᠃ 7 ᠲᠡᠭᠦᠨ ᠢ ᠠᠯᠠᠬᠤ ᠳᠤ᠂ ᠡᠬᠢᠯᠡᠭᠡᠳ ᠨᠥᠭᠥᠭᠡ ᠭᠡᠷᠡᠴᠢ ᠨᠠᠷ ᠭᠠᠷ ᠬᠥᠳᠡᠯᠵᠦ᠂ ᠳᠠᠷᠠᠭ᠎ᠠ ᠨᠢ ᠠᠷᠠᠳ ᠣᠯᠠᠨ ᠪᠦᠭᠦᠳᠡᠭᠡᠷ ᠭᠠᠷ ᠬᠥᠳᠡᠯᠬᠦ ᠶᠣᠰᠣᠲᠠᠢ᠃ ᠲᠠ ᠨᠠᠷ ᠢᠩᠭᠢᠵᠦ ᠥᠪᠡᠷᠰᠡᠳ ᠦᠨ ᠢᠶᠠᠨ ᠳᠤᠮᠳᠠ ᠠᠴᠠ ᠬᠣᠷᠣᠨ ᠮᠠᠭᠤ ᠶᠢ ᠤᠰᠠᠳᠬ᠎ᠠ᠃

8 ᠲᠠᠨ ᠤ ᠲᠡᠨᠳᠡᠬᠢ ᠴᠢᠰᠤ ᠤᠷᠤᠰᠬᠠᠭᠰᠠᠨ ᠬᠡᠷᠡᠭ᠂ ᠢᠷᠭᠡᠨ ᠦ ᠬᠡᠷᠡᠭ᠂ ᠡᠰᠡᠪᠡᠯ ᠭᠡᠮᠲᠦᠭᠡᠭᠰᠡᠨ ᠬᠡᠷᠡᠭ ᠤᠳ ᠠᠴᠠ ᠴᠢᠮ᠎ᠠ ᠳᠤ ᠰᠢᠭᠦᠬᠦ ᠳᠦ ᠬᠦᠴᠢᠷ ᠬᠡᠷᠡᠭ ᠤᠴᠠᠷᠠᠪᠠᠯ᠂ ᠴᠢ ᠪᠣᠰᠴᠤ ᠶᠣᠬᠣᠸᠠ ᠪᠤᠷᠬᠠᠨ ᠤ ᠪᠠᠨ ᠰᠣᠩ᠋ᠭᠣᠭᠰᠠᠨ ᠭᠠᠵᠠᠷ ᠤᠷᠤᠭᠤ ᠶᠠᠪᠤᠵᠤ᠂ 9 ᠯᠧᠸᠢ ᠣᠪᠣᠭ ᠤᠨ ᠲᠠᠬᠢᠯᠴᠢᠳ ᠪᠣᠯᠣᠨ ᠲᠤᠬᠠᠢ ᠶᠢᠨ ᠦᠶ᠎ᠡ ᠶᠢᠨ ᠰᠢᠭᠦᠭᠴᠢᠳ ᠡᠴᠡ ᠠᠰᠠᠭᠤ᠃ ᠲᠡᠳᠡᠭᠡᠷ ᠬᠡᠷᠡᠭ ᠦᠨ ᠰᠢᠢᠳᠪᠦᠷᠢ ᠶᠢ ᠲᠡᠳᠡ ᠴᠢᠮ᠎ᠠ ᠳᠤ ᠮᠡᠳᠡᠭᠦᠯᠦᠨ᠎ᠡ᠃ 10 ᠶᠣᠬᠣᠸᠠ ᠶᠢᠨ ᠰᠢᠯᠢᠭᠰᠡᠨ ᠭᠠᠵᠠᠷ ᠠᠴᠠ ᠴᠢᠮ᠎ᠠ ᠳᠤ ᠮᠡᠳᠡᠭᠦᠯᠬᠦ ᠲᠤᠰᠢᠶᠠᠯ ᠦᠭᠡ ᠶᠢ ᠴᠢ ᠶᠣᠰᠣᠭᠠᠷ ᠨᠢ ᠪᠡᠶᠡᠯᠡᠭᠦᠯ᠂ ᠲᠡᠳᠡᠨ ᠦ ᠵᠢᠭᠠᠬᠤ ᠪᠦᠬᠦᠨ ᠦ ᠶᠣᠰᠣᠭᠠᠷ ᠰᠠᠬᠢᠵᠤ ᠪᠡᠶᠡᠯᠡᠭᠦᠯ᠃ 11 ᠴᠢᠮ᠎ᠠ ᠳᠤ ᠵᠢᠭᠠᠵᠤ ᠥᠭᠬᠦ ᠬᠠᠤᠯᠢ ᠵᠢᠭᠠᠪᠤᠷᠢ ᠨᠤᠭᠤᠳ᠂ ᠴᠢᠮ᠎ᠠ ᠳᠤ ᠬᠡᠯᠡᠵᠦ ᠥᠭᠬᠦ ᠰᠢᠭᠦᠯᠲᠡ ᠶᠢ ᠴᠢ ᠶᠣᠰᠣᠭᠠᠷ ᠨᠢ ᠪᠡᠶᠡᠯᠡᠭᠦᠯ᠃ ᠴᠢᠮ᠎ᠠ ᠳᠤ ᠬᠡᠯᠡᠬᠦ ᠦᠭᠡ ᠡᠴᠡ ᠨᠢ ᠪᠠᠷᠠᠭᠤᠨ ᠲᠡᠰᠢ ᠴᠤ᠂ ᠵᠡᠭᠦᠨ ᠲᠡᠰᠢ ᠴᠤ ᠪᠦᠦ ᠬᠠᠵᠠᠢ᠃ 12 ᠪᠤᠷᠬᠠᠨ ᠶᠣᠬᠣᠸᠠ ᠳᠠᠭᠠᠨ ᠦᠢᠯᠡᠴᠢᠯᠡᠬᠦ ᠪᠡᠷ ᠲᠡᠨᠳᠡ ᠵᠣᠭᠰᠣᠵᠤ ᠪᠤᠢ ᠲᠠᠬᠢᠯᠴᠢ ᠪᠤᠶᠤ ᠰᠢᠭᠦᠭᠴᠢ ᠶᠢᠨ ᠬᠢ ᠶᠢ ᠰᠣᠨᠣᠰᠬᠤ ᠦᠭᠡᠢ ᠣᠩᠭᠢᠷᠠᠭ᠎ᠠ ᠵᠠᠩ ᠭᠠᠷᠭᠠᠬᠤ ᠬᠥᠮᠦᠨ ᠨᠢ ᠴᠠᠭᠠᠵᠠᠯᠠᠭᠤᠯᠬᠤ ᠶᠣᠰᠣᠲᠠᠢ᠃ ᠲᠡᠢᠨ ᠬᠦ ᠴᠢ ᠮᠠᠭᠤ ᠶᠠᠪᠤᠳᠠᠯ ᠢ ᠢᠰᠷᠧᠯ ᠤᠨ ᠳᠤᠮᠳᠠ ᠠᠴᠠ ᠤᠰᠠᠳᠬ᠎ᠠ᠃ 13 ᠪᠦᠬᠦ ᠠᠷᠠᠳ ᠲᠦᠮᠡᠨ ᠡᠭᠦᠨ ᠢ ᠰᠣᠨᠣᠰᠴᠤ᠂ ᠠᠶᠤᠨ ᠡᠮᠢᠶᠡᠵᠦ ᠳᠠᠬᠢᠨ ᠣᠩᠭᠢᠷᠠᠭ᠎ᠠ ᠵᠠᠩ ᠭᠠᠷᠭᠠᠬᠤ ᠦᠭᠡᠢ ᠪᠣᠯᠣᠨ᠎ᠠ᠃
 ᠬᠠᠭᠠᠨ ᠤ ᠶᠣᠰᠣ ᠵᠢᠷᠤᠮ

14 ᠲᠠ ᠨᠠᠷ ᠪᠤᠷᠬᠠᠨ ᠶᠣᠬᠣᠸᠠ ᠶᠢᠨ ᠢᠶᠠᠨ ᠰᠣᠶᠣᠷᠬᠠᠬᠤ ᠨᠤᠲᠤᠭ ᠲᠤ ᠣᠷᠣᠭᠠᠳ ᠲᠡᠭᠦᠨ ᠢ ᠡᠵᠡᠮᠰᠢᠵᠦ ᠲᠡᠨᠳᠡ ᠰᠠᠭᠤᠬᠤ ᠳᠠᠭᠠᠨ ᠡᠷᠭᠢᠨ ᠲᠣᠭᠣᠷᠢᠨ ᠳᠤ ᠴᠢᠨᠢ ᠪᠠᠢᠭ᠎ᠠ ᠪᠦᠬᠦ ᠦᠨᠳᠦᠰᠦᠲᠡᠨ ᠦ ᠬᠢ ᠰᠢᠭ ᠥᠪᠡᠷᠰᠡᠳ ᠲᠡᠭᠡᠨ ᠬᠠᠭᠠᠨ ᠡᠷᠭᠦᠮᠵᠢᠯᠡᠬᠦ ᠰᠠᠨᠠᠭ᠎ᠠ ᠲᠥᠷᠥᠪᠡᠯ᠂ 15 ᠵᠠᠪᠠᠯ ᠶᠣᠬᠣᠸᠠ ᠪᠤᠷᠬᠠᠨ ᠤ ᠪᠠᠨ ᠰᠣᠩ᠋ᠭᠣᠭᠰᠠᠨ ᠬᠥᠮᠦᠨ ᠢ ᠯᠠ ᠠᠬ᠎ᠠ ᠳᠡᠭᠦᠦᠰ ᠦᠨ ᠢᠶᠠᠨ ᠳᠤᠮᠳᠠ ᠠᠴᠠ ᠬᠠᠭᠠᠨ ᠢᠶᠠᠷ ᠡᠷᠭᠦᠮᠵᠢᠯᠡᠬᠦ ᠶᠣᠰᠣᠲᠠᠢ᠃ ᠥᠪᠡᠷ ᠦᠨ ᠴᠢᠨᠢ ᠠᠬ᠎ᠠ ᠳᠡᠭᠦᠦ ᠪᠢᠰᠢ᠂ ᠬᠠᠷᠢ ᠶᠢᠨ ᠬᠥᠮᠦᠨ ᠢ ᠥᠪᠡᠷ ᠦᠨ ᠢᠶᠠᠨ ᠳᠡᠭᠡᠷ᠎ᠡ ᠡᠷᠭᠦᠮᠵᠢᠯᠡᠵᠦ ᠪᠣᠯᠬᠤ ᠦᠭᠡᠢ᠃ 16 ᠬᠠᠷᠢᠨ ᠬᠠᠭᠠᠨ ᠣᠯᠠᠨ ᠠᠳᠤᠭᠤ ᠲᠠᠢ ᠪᠠᠢᠵᠤ ᠪᠣᠯᠬᠤ ᠦᠭᠡᠢ᠂ ᠢᠯᠡᠭᠦᠦ ᠠᠳᠤᠭᠤ ᠣᠯᠬᠤ ᠶᠢᠨ ᠲᠤᠯᠠᠳᠠ ᠠᠷᠠᠳ ᠢᠶᠠᠨ ᠶᠧᠵᠢᠫᠲ ᠤᠷᠤᠭᠤ ᠪᠤᠴᠠᠭᠠᠵᠤ ᠪᠣᠯᠬᠤ ᠦᠭᠡᠢ᠃ ᠶᠣᠬᠣᠸᠠ ᠲᠠ ᠨᠠᠷ ᠲᠤ᠄ 《ᠡᠨᠡ ᠵᠠᠮ ᠢᠶᠠᠷ ᠬᠡᠵᠢᠶ᠎ᠡ ᠴᠤ ᠪᠤᠴᠠᠬᠤ ᠶᠣᠰᠣ ᠦᠭᠡᠢ》 ᠭᠡᠵᠦ ᠠᠢᠯᠠᠳᠤᠭᠰᠠᠨ ᠪᠢᠯᠡ᠃ 17 ᠬᠠᠭᠠᠨ ᠪᠠᠰᠠ ᠣᠯᠠᠨ ᠡᠬᠡᠨᠡᠷ ᠲᠡᠢ ᠪᠠᠢᠵᠤ ᠪᠣᠯᠬᠤ ᠦᠭᠡᠢ᠂ ᠡᠰᠡ ᠲᠡᠭᠡᠪᠡᠯ ᠵᠢᠷᠦᠬᠡ ᠰᠡᠳᠬᠢᠯ ᠨᠢ ᠭᠠᠵᠢᠬᠤ ᠪᠤᠢ᠃ ᠲᠡᠷᠡ ᠮᠥᠨ ᠬᠡᠲᠦ ᠣᠯᠠᠨ ᠠᠯᠲᠠ ᠮᠥᠩᠭᠥ ᠲᠠᠢ ᠪᠠᠢᠵᠤ ᠪᠣᠯᠬᠤ ᠦᠭᠡᠢ᠃

18 ᠲᠡᠷᠡ ᠪᠡᠷ ᠬᠠᠭᠠᠨ ᠰᠢᠷᠡᠭᠡᠨ ᠳᠦ ᠵᠠᠯᠠᠷᠠᠩ᠋ᠭᠤᠲᠠ ᠪᠠᠨ ᠬᠤᠢᠯᠠᠮᠠᠯ ᠳᠡᠭᠡᠷ᠎ᠡ ᠪᠡᠨ ᠡᠨᠡ ᠬᠠᠤᠯᠢ ᠶᠢ ᠯᠧᠸᠢ ᠣᠪᠣᠭ ᠤᠨ ᠲᠠᠬᠢᠯᠴᠢᠳ ᠤᠨ ᠡᠮᠦᠨ᠎ᠡ ᠪᠠᠢᠳᠠᠭ ᠤᠭ ᠡᠬᠡ ᠡᠴᠡ ᠬᠠᠭᠤᠯᠤᠨ ᠪᠢᠴᠢᠵᠦ ᠠᠪᠤᠭᠠᠳ 19 ᠠᠮᠢᠳᠤᠷᠠᠯ ᠤᠨ ᠢᠶᠠᠨ ᠪᠦᠬᠦᠢᠯᠡ ᠡᠳᠦᠷ ᠦᠨ ᠲᠤᠷᠰᠢ ᠬᠠᠵᠠᠭᠤ ᠳᠠᠭᠠᠨ ᠪᠠᠢᠯᠭᠠᠵᠤ᠂ ᠲᠡᠭᠦᠨ ᠢ ᠪᠠᠨ ᠤᠩ᠋ᠰᠢᠨ ᠶᠣᠬᠣᠸᠠ ᠪᠤᠷᠬᠠᠨ ᠠᠴᠠ ᠪᠠᠨ ᠡᠮᠢᠶᠡᠬᠦ ᠶᠢ ᠰᠤᠷᠤᠭᠠᠳ᠂ ᠡᠨᠡ ᠬᠠᠤᠯᠢ ᠪᠣᠯᠣᠨ ᠡᠳᠡᠭᠡᠷ ᠲᠣᠭᠲᠠᠭᠠᠯ ᠤᠨ ᠦᠭᠡ ᠪᠦᠷᠢ ᠶᠢ ᠰᠠᠬᠢᠵᠤ ᠪᠡᠶᠡᠯᠡᠭᠦᠯᠬᠦ ᠶᠣᠰᠣᠲᠠᠢ᠃ 20 ᠲᠡᠭᠡᠪᠡᠯ ᠬᠠᠭᠠᠨ ᠠᠬ᠎ᠠ ᠳᠡᠭᠦᠦᠰ ᠲᠡᠭᠡᠨ ᠶᠡᠬᠡ ᠵᠠᠩ ᠭᠠᠷᠭᠠᠬᠤ ᠦᠭᠡᠢ᠃ ᠮᠥᠨ ᠡᠨᠡ ᠲᠤᠰᠢᠶᠠᠯ ᠠᠴᠠ ᠪᠠᠷᠠᠭᠤᠨ ᠲᠡᠰᠢ ᠴᠤ᠂ ᠵᠡᠭᠦᠨ ᠲᠡᠰᠢ ᠴᠤ ᠬᠠᠵᠠᠢᠬᠤ ᠦᠭᠡᠢ ᠪᠥᠭᠡᠳ ᠲᠡᠷᠡ ᠥᠪᠡᠷ ᠢᠶᠡᠨ ᠪᠣᠯᠣᠨ ᠦᠷ᠎ᠡ ᠤᠳᠤᠮ ᠨᠢ ᠢᠰᠷᠧᠯ ᠤᠨ ᠳᠤᠮᠳᠠ ᠤᠷᠲᠤ ᠤᠳᠠᠭᠠᠨ ᠬᠠᠭᠠᠨᠴᠢᠯᠠᠬᠤ ᠪᠣᠯᠣᠨ᠎ᠠ᠃