1 2 3 4 5 6 7 8 9 10 11 12 13 14 15 16 17 18 19 20 21 22 23 24 25 26 27 28 29 30 31 32 33 34


ᠳᠡᠳ᠋ ᠬᠠᠤᠯᠢ ᠭᠤᠴᠢ
 ᠶᠣᠬᠣᠸᠠ ᠤᠷᠤᠭᠤ ᠡᠷᠭᠢᠬᠦ ᠲᠣᠬᠢᠶᠠᠯᠳᠤᠯ ᠳᠤ

1 ᠮᠢᠨᠦ ᠡᠮᠦᠨ᠎ᠡ ᠴᠢᠨᠢ ᠲᠠᠯᠪᠢᠭᠰᠠᠨ ᠢᠷᠥᠭᠡᠯ ᠬᠠᠷᠢᠶᠠᠯ ᠪᠦᠬᠦᠨ ᠴᠢᠮ᠎ᠠ ᠳᠤ ᠪᠡᠶᠡᠯᠡᠵᠦ᠂ ᠶᠣᠬᠣᠸᠠ ᠪᠤᠷᠬᠠᠨ ᠳᠠᠭᠠᠨ ᠬᠥᠭᠡᠭᠡᠭᠳᠡᠵᠦ ᠣᠴᠢᠭᠰᠠᠨ ᠤᠯᠤᠰ ᠣᠷᠣᠨ ᠳᠤ ᠴᠢ ᠡᠨᠡ ᠪᠦᠬᠦᠨ ᠢ ᠡᠷᠭᠢᠵᠦ ᠰᠠᠨᠠᠬᠤ ᠦᠶ᠎ᠡ ᠳᠡᠭᠡᠨ᠂ 2 ᠬᠡᠷᠪᠡ ᠴᠢ ᠪᠣᠯᠣᠨ ᠴᠢᠨᠦ ᠬᠡᠦᠬᠡᠳ ᠤᠳ ᠪᠤᠷᠬᠠᠨ ᠶᠣᠬᠣᠸᠠ ᠤᠷᠤᠭᠤ ᠪᠠᠨ ᠡᠷᠭᠢᠵᠦ᠂ ᠮᠢᠨᠦ ᠥᠨᠥᠳᠥᠷ ᠦᠨ ᠲᠠ ᠨᠠᠷ ᠲᠤ ᠲᠤᠰᠢᠶᠠᠭᠰᠠᠨ ᠪᠦᠭᠦᠳᠡ ᠶᠢᠨ ᠶᠣᠰᠣᠭᠠᠷ ᠪᠦᠬᠦ ᠵᠢᠷᠦᠬᠡ᠂ ᠪᠦᠬᠦ ᠰᠡᠳᠬᠢᠯ ᠢᠶᠠᠷ ᠢᠶᠠᠨ ᠲᠡᠭᠦᠨ ᠦ ᠦᠭᠡ ᠶᠢ ᠳᠠᠭᠠᠪᠠᠯ᠂ 3 ᠴᠢᠨᠦ ᠪᠤᠷᠬᠠᠨ ᠶᠣᠬᠣᠸᠠ ᠣᠯᠵᠠᠯᠠᠭᠳᠠᠭᠰᠠᠨ ᠴᠢᠮᠠᠶᠢ ᠥᠷᠥ ᠡᠪᠡᠳᠴᠦ᠂ ᠪᠤᠴᠠᠭᠠᠵᠤ ᠠᠪᠴᠢᠷᠠᠨ᠎ᠠ᠃ ᠴᠢᠮᠠᠶᠢ ᠲᠠᠷᠬᠠᠭᠠᠵᠤ ᠣᠴᠢᠭᠤᠯᠤᠭᠰᠠᠨ ᠠᠯᠢᠪᠠ ᠤᠯᠤᠰ ᠣᠷᠣᠨ ᠠᠴᠠ ᠳᠠᠬᠢᠨ ᠴᠤᠭᠯᠠᠭᠤᠯᠤᠨ᠎ᠠ᠃ 4 ᠲᠩᠷᠢ ᠶᠢᠨ ᠬᠢᠵᠠᠭᠠᠷ ᠲᠤ ᠴᠥᠯᠡᠭᠳᠡᠭᠰᠡᠨ ᠪᠠᠢᠯ᠎ᠠ ᠴᠤ ᠴᠢᠨᠦ ᠪᠤᠷᠬᠠᠨ ᠶᠣᠬᠣᠸᠠ ᠴᠢᠮᠠᠶᠢ ᠲᠡᠨᠳᠡ ᠡᠴᠡ ᠴᠤᠭᠯᠠᠭᠤᠯᠤᠨ᠎ᠠ᠂ ᠴᠢᠮᠠᠶᠢ ᠲᠡᠨᠳᠡ ᠡᠴᠡ ᠡᠷᠭᠢᠭᠦᠯᠦᠨ ᠠᠪᠴᠢᠷᠠᠨ᠎ᠠ᠃ 5 ᠴᠢᠨᠦ ᠪᠤᠷᠬᠠᠨ ᠶᠣᠬᠣᠸᠠ ᠲᠠᠨ ᠤ ᠡᠴᠢᠭᠡ ᠡᠪᠦᠭᠡᠳ ᠦᠨ ᠡᠵᠡᠮᠰᠢᠵᠦ ᠪᠠᠢᠭᠰᠠᠨ ᠲᠡᠷᠡ ᠭᠠᠵᠠᠷ ᠲᠤ ᠴᠢᠮᠠᠶᠢ ᠠᠪᠴᠢᠷᠠᠵᠤ᠂ ᠲᠡᠭᠦᠨ ᠢ ᠳᠠᠬᠢᠨ ᠡᠵᠡᠮᠰᠢᠭᠦᠯᠦᠨ᠎ᠡ᠃ ᠴᠢᠮᠠᠶᠢ ᠳᠡᠭᠵᠢᠷᠡᠭᠦᠯᠵᠦ᠂ ᠡᠴᠢᠭᠡ ᠡᠪᠦᠭᠡᠳ ᠡᠴᠡ ᠴᠢᠨᠢ ᠢᠯᠡᠭᠦᠦ ᠥᠨᠢᠷ ᠥᠳᠬᠡᠨ ᠪᠣᠯᠭᠠᠨ᠎ᠠ᠃

6 ᠴᠢᠨᠦ ᠪᠤᠷᠬᠠᠨ ᠶᠣᠬᠣᠸᠠ ᠴᠢᠨᠦ ᠵᠢᠷᠦᠬᠡ ᠶᠢ᠂ ᠮᠥᠨ ᠴᠢᠨᠦ ᠦᠷ᠎ᠡ ᠤᠳᠤᠮ ᠤᠨ ᠵᠢᠷᠦᠬᠡ ᠶᠢ ᠴᠡᠪᠡᠷᠰᠢᠭᠦᠯᠦᠨ᠎ᠡ 14 ᠃ ᠲᠡᠭᠡᠪᠡᠯ ᠴᠢ ᠶᠣᠬᠣᠸᠠ ᠪᠤᠷᠬᠠᠨ ᠢᠶᠠᠨ ᠪᠦᠬᠦ ᠵᠢᠷᠦᠬᠡ᠂ ᠪᠦᠬᠦ ᠰᠡᠳᠬᠢᠯ ᠢᠶᠠᠷ ᠢᠶᠠᠨ ᠬᠠᠢᠷᠠᠯᠠᠵᠤ ᠠᠮᠢᠳᠤ ᠪᠠᠢᠬᠤ ᠪᠣᠯᠣᠨ᠎ᠠ᠃ 7 ᠴᠢᠨᠦ ᠪᠤᠷᠬᠠᠨ ᠶᠣᠬᠣᠸᠠ ᠴᠢᠮᠠᠶᠢ ᠦᠵᠡᠨ ᠶᠠᠳᠠᠵᠤ ᠬᠠᠪᠴᠢᠳᠠᠭ ᠳᠠᠢᠰᠤᠨ ᠨᠤᠭᠤᠳ ᠤᠨ ᠴᠢᠨᠢ ᠳᠡᠭᠡᠷ᠎ᠡ ᠨᠥᠭᠥᠭᠡ ᠪᠦᠬᠦ ᠬᠠᠷᠢᠶᠠᠯ ᠢ ᠪᠠᠭᠤᠯᠭᠠᠬᠤ ᠳᠤ᠂ 8 ᠴᠢ ᠳᠠᠬᠢᠨ ᠶᠣᠬᠣᠸᠠ ᠶᠢᠨ ᠦᠭᠡ ᠶᠢ ᠳᠠᠭᠠᠵᠤ᠂ ᠮᠢᠨᠦ ᠥᠨᠥᠳᠥᠷ ᠦᠨ ᠴᠢᠮ᠎ᠠ ᠳᠤ ᠥᠭᠴᠦ ᠪᠤᠢ ᠲᠡᠭᠦᠨ ᠦ ᠪᠦᠬᠦ ᠲᠤᠰᠢᠶᠠᠯ ᠢ ᠪᠡᠶᠡᠯᠡᠭᠦᠯᠬᠦ ᠪᠣᠯᠣᠨ᠎ᠠ᠃ 9 ᠲᠡᠭᠡᠪᠡᠯ ᠴᠢᠨᠦ ᠪᠤᠷᠬᠠᠨ ᠶᠣᠬᠣᠸᠠ ᠭᠠᠷ ᠤᠨ ᠴᠢᠨᠢ ᠠᠯᠢᠪᠠ ᠠᠵᠢᠯ ᠦᠢᠯᠡᠰ ᠢ ᠠᠮᠵᠢᠯᠲᠠ ᠳᠤ ᠬᠦᠷᠭᠡᠵᠦ᠂ ᠪᠡᠶ᠎ᠡ ᠶᠢᠨ ᠴᠢᠨᠢ ᠦᠷ᠎ᠡ ᠬᠡᠦᠬᠡᠳ᠂ ᠮᠠᠯ ᠤᠨ ᠴᠢᠨᠢ ᠦᠷ᠎ᠡ ᠲᠥᠯ᠂ ᠭᠠᠵᠠᠷ ᠤᠨ ᠴᠢᠨᠢ ᠦᠷ᠎ᠡ ᠵᠢᠮᠢᠰ ᠢ ᠴᠢᠨᠦ ᠰᠠᠢᠨ ᠰᠠᠢᠬᠠᠨ ᠤ ᠲᠥᠯᠥᠭᠡ ᠡᠯᠪᠡᠭᠵᠢᠭᠦᠯᠦᠨ᠎ᠡ᠃ ᠶᠣᠬᠣᠸᠠ ᠴᠢᠨᠦ ᠡᠴᠢᠭᠡ ᠡᠪᠦᠭᠡᠳ ᠲᠦ ᠪᠠᠶᠠᠷᠯᠠᠭᠰᠠᠨ ᠰᠢᠭ᠋ ᠢᠶᠠᠨ ᠴᠢᠨᠦ ᠰᠠᠢᠨ ᠰᠠᠢᠬᠠᠨ ᠤ ᠲᠥᠯᠥᠭᠡ ᠳᠠᠬᠢᠨ ᠪᠠᠶᠠᠷᠯᠠᠬᠤ ᠪᠣᠯᠣᠨ᠎ᠠ᠃ 10 ᠬᠠᠷᠢᠨ ᠢᠩᠭᠢᠬᠦ ᠶᠢᠨ ᠲᠤᠯᠠᠳᠠ ᠴᠢ ᠪᠦᠬᠦ ᠵᠢᠷᠦᠬᠡ᠂ ᠪᠦᠬᠦ ᠰᠡᠳᠬᠢᠯ ᠢᠶᠠᠷ ᠢᠶᠠᠨ ᠶᠣᠬᠣᠸᠠ ᠪᠤᠷᠬᠠᠨ ᠳᠠᠭᠠᠨ ᠡᠷᠭᠢᠵᠦ᠂ ᠶᠣᠬᠣᠸᠠ ᠪᠤᠷᠬᠠᠨ ᠤ ᠪᠠᠨ ᠦᠭᠡ ᠶᠢ ᠳᠠᠭᠠᠨ ᠡᠨᠡ ᠬᠠᠤᠯᠢ ᠶᠢᠨ ᠨᠣᠮ ᠳᠤ ᠪᠢᠴᠢᠭᠳᠡᠭᠰᠡᠨ ᠲᠡᠭᠦᠨ ᠦ ᠲᠤᠰᠢᠶᠠᠯ ᠵᠢᠭᠠᠪᠤᠷᠢ ᠨᠤᠭᠤᠳ ᠢ ᠰᠠᠬᠢᠬᠤ ᠶᠣᠰᠣᠲᠠᠢ᠃
 ᠠᠮᠢ ᠶᠢ ᠰᠣᠩ᠋ᠭᠣ

11 ᠮᠢᠨᠦ ᠥᠨᠥᠳᠥᠷ ᠦᠨ ᠴᠢᠮ᠎ᠠ ᠳᠤ ᠥᠭᠴᠦ ᠪᠤᠢ ᠡᠨᠡ ᠲᠤᠰᠢᠶᠠᠯ ᠪᠣᠯ ᠴᠢᠮ᠎ᠠ ᠳᠤ ᠣᠢᠯᠠᠭᠠᠮᠵᠢ ᠦᠭᠡᠢ ᠪᠤᠶᠤ ᠴᠢᠮ᠎ᠠ ᠠᠴᠠ ᠬᠣᠯᠠ ᠪᠠᠢᠭ᠎ᠠ ᠵᠦᠢᠯ ᠪᠢᠰᠢ᠂ 12 ᠲᠩᠷᠢ ᠳᠤ ᠪᠠᠢᠭ᠎ᠠ ᠵᠦᠢᠯ ᠴᠤ ᠪᠢᠰᠢ ᠪᠣᠯᠬᠣᠷ 〈ᠬᠡᠨ ᠨᠢᠭᠡ ᠨᠢ ᠲᠩᠷᠢ ᠳᠤ ᠭᠠᠷᠴᠤ ᠪᠢᠳᠡᠨ ᠦ ᠲᠥᠯᠥᠭᠡ ᠲᠡᠭᠦᠨ ᠢ ᠠᠪᠴᠤ ᠢᠷᠡᠭᠡᠳ ᠪᠢᠳᠡᠨ ᠳᠦ ᠰᠣᠨᠣᠰᠬᠠᠪᠠᠯ ᠪᠢᠳᠡ ᠪᠡᠶᠡᠯᠡᠭᠦᠯᠦᠨ᠎ᠡ〉 ᠭᠡᠵᠦ ᠬᠡᠯᠡᠬᠦ ᠬᠡᠷᠡᠭ ᠦᠭᠡᠢ᠂ 13 ᠳᠠᠯᠠᠢ ᠶᠢᠨ ᠴᠠᠭᠠᠨ᠎ᠠ ᠪᠠᠢᠭ᠎ᠠ ᠵᠦᠢᠯ ᠴᠤ ᠪᠢᠰᠢ ᠪᠣᠯᠬᠣᠷ 〈ᠬᠡᠨ ᠨᠢᠭᠡ ᠨᠢ ᠳᠠᠯᠠᠢ ᠶᠢ ᠭᠠᠲᠤᠯᠤᠨ ᠪᠢᠳᠡᠨ ᠦ ᠲᠥᠯᠥᠭᠡ ᠲᠡᠭᠦᠨ ᠢ ᠠᠪᠴᠤ ᠢᠷᠡᠭᠡᠳ ᠪᠢᠳᠡᠨ ᠳᠦ ᠰᠣᠨᠣᠰᠬᠠᠪᠠᠯ ᠪᠢᠳᠡ ᠪᠡᠶᠡᠯᠡᠭᠦᠯᠦᠨ᠎ᠡ〉 ᠭᠡᠵᠦ ᠬᠡᠯᠡᠬᠦ ᠴᠤ ᠬᠡᠷᠡᠭ ᠦᠭᠡᠢ᠂ 14 ᠲᠡᠷᠡ ᠦᠭᠡ ᠴᠢᠮ᠎ᠠ ᠳᠤ ᠲᠤᠩ ᠣᠢᠷᠠᠬᠠᠨ᠂ ᠴᠢᠨᠦ ᠠᠮᠠᠨ ᠳᠤ᠂ ᠴᠢᠨᠦ ᠵᠢᠷᠦᠬᠡᠨ ᠳᠦ ᠪᠠᠢᠭ᠎ᠠ ᠤᠴᠢᠷ ᠠᠴᠠ ᠴᠢ ᠲᠡᠭᠦᠨ ᠢ ᠪᠡᠶᠡᠯᠡᠭᠦᠯᠬᠦ ᠪᠣᠯᠣᠮᠵᠢ ᠲᠠᠢ᠃

15 ᠬᠠᠷᠠ︕ ᠪᠢ ᠥᠨᠥᠳᠥᠷ ᠴᠢᠨᠦ ᠡᠮᠦᠨ᠎ᠡ ᠠᠮᠢ ᠪᠠ ᠵᠢᠷᠭᠠᠯ᠂ ᠦᠬᠦᠯ ᠪᠠ ᠵᠣᠪᠠᠯᠠᠩ ᠢ ᠲᠠᠯᠪᠢᠶ᠎ᠠ︕ 16 ᠮᠢᠨᠦ ᠥᠨᠥᠳᠥᠷ ᠦᠨ ᠲᠤᠰᠢᠶᠠᠭᠰᠠᠨ ᠶᠣᠰᠣᠭᠠᠷ ᠴᠢ ᠶᠣᠬᠣᠸᠠ ᠪᠤᠷᠬᠠᠨ ᠢᠶᠠᠨ ᠬᠠᠢᠷᠠᠯᠠᠵᠤ᠂ ᠲᠡᠭᠦᠨ ᠦ ᠪᠦᠬᠦ ᠵᠠᠮ ᠢ ᠮᠥᠷᠳᠡᠵᠦ᠂ ᠲᠡᠭᠦᠨ ᠦ ᠲᠤᠰᠢᠶᠠᠯ ᠪᠣᠯᠣᠨ ᠬᠠᠤᠯᠢ ᠵᠢᠭᠠᠪᠤᠷᠢ ᠨᠤᠭᠤᠳ ᠢ ᠰᠠᠬᠢᠪᠠᠯ ᠴᠢ ᠠᠮᠢᠳᠤ ᠦᠯᠡᠳᠡᠵᠦ ᠥᠨᠢᠷ ᠥᠳᠬᠡᠨ ᠪᠣᠯᠣᠨ᠎ᠠ᠃ ᠴᠢᠨᠦ ᠪᠤᠷᠬᠠᠨ ᠶᠣᠬᠣᠸᠠ ᠴᠢᠨᠦ ᠣᠴᠢᠵᠤ ᠡᠵᠡᠮᠰᠢᠬᠦ ᠨᠤᠲᠤᠭ ᠲᠤ ᠴᠢᠮᠠᠶᠢ ᠢᠷᠥᠭᠡᠨ᠎ᠡ᠃ 17 ᠭᠡᠪᠡᠴᠦ ᠲᠠ ᠨᠠᠷ ᠰᠠᠨᠠᠭ᠎ᠠ ᠪᠠᠨ ᠥᠭᠡᠷᠡᠴᠢᠯᠡᠵᠦ᠂ ᠳᠤᠭᠤᠯᠭᠠᠪᠤᠷᠢ ᠦᠭᠡᠢ ᠪᠣᠯᠣᠭᠠᠳ ᠵᠠᠮ ᠠᠴᠠ ᠪᠠᠨ ᠭᠠᠵᠢᠨ ᠥᠭᠡᠷ᠎ᠡ ᠪᠤᠷᠬᠠᠳ ᠲᠤ ᠪᠥᠬᠥᠢᠵᠦ᠂ ᠲᠡᠭᠦᠨ ᠳᠦ ᠮᠥᠷᠭᠥᠪᠡᠯ 18 ᠭᠠᠷᠴᠠᠭ᠎ᠠ ᠦᠭᠡᠢ ᠰᠥᠨᠥᠨ᠎ᠡ ᠭᠡᠳᠡᠭ ᠢ ᠪᠢ ᠥᠨᠥᠳᠥᠷ ᠲᠠ ᠨᠠᠷ ᠲᠤ ᠲᠤᠩ᠋ᠬᠠᠭᠯᠠᠶ᠎ᠠ᠃ ᠶᠣᠷᠳᠠᠨ ᠢ ᠭᠠᠲᠤᠯᠤᠨ ᠣᠷᠣᠵᠤ ᠡᠵᠡᠮᠰᠢᠬᠦ ᠲᠡᠷᠡ ᠭᠠᠵᠠᠷ ᠲᠠᠭᠠᠨ ᠲᠠ ᠨᠠᠷ ᠤᠳᠠᠭᠠᠨ ᠠᠮᠢᠳᠤᠷᠠᠬᠤ ᠦᠭᠡᠢ᠃ 19 ᠪᠢ ᠥᠨᠥᠳᠥᠷ ᠲᠩᠷᠢ ᠭᠠᠵᠠᠷ ᠢ ᠳᠠᠭᠤᠳᠠᠵᠤ ᠲᠠ ᠨᠠᠷ ᠲᠤ ᠭᠡᠷᠡᠴᠢ ᠪᠣᠯᠭᠠᠨ ᠴᠢᠨᠦ ᠡᠮᠦᠨ᠎ᠡ ᠠᠮᠢ ᠪᠠ ᠦᠬᠦᠯ᠂ ᠢᠷᠥᠭᠡᠯ ᠪᠠ ᠬᠠᠷᠢᠶᠠᠯ ᠢ ᠲᠠᠯᠪᠢᠶ᠎ᠠ᠃ ᠴᠢ ᠦᠷ᠎ᠡ ᠤᠳᠤᠮ ᠲᠠᠢ ᠪᠠᠨ ᠬᠠᠮᠲᠤ ᠠᠮᠢᠳᠤ ᠦᠯᠡᠳᠡᠬᠦ ᠶᠢᠨ ᠲᠤᠯᠠᠳᠠ ᠠᠮᠢ ᠶᠢ ᠰᠣᠩ᠋ᠭᠣᠭᠠᠳ 20 ᠶᠣᠬᠣᠸᠠ ᠪᠤᠷᠬᠠᠨ ᠢᠶᠠᠨ ᠬᠠᠢᠷᠠᠯᠠᠨ ᠲᠡᠭᠦᠨ ᠦ ᠳᠠᠭᠤ ᠬᠣᠭᠣᠯᠠᠢ ᠶᠢ ᠳᠠᠭᠠᠵᠤ᠂ ᠲᠡᠭᠦᠨ ᠡᠴᠡ ᠵᠢᠭᠤᠷᠠᠵᠤ ᠪᠠᠢ᠃ ᠠᠮᠢ ᠠᠮᠢᠳᠤᠷᠠᠯ ᠤᠨ ᠴᠢᠨᠢ ᠵᠣᠷᠢᠯᠭ᠎ᠠ ᠡᠨᠡ ᠶᠤᠮ᠃ ᠴᠢᠨᠦ ᠡᠴᠢᠭᠡ ᠡᠪᠦᠭᠡᠳ ᠠᠪᠷᠠᠬᠠᠮ᠂ ᠢᠰᠠᠺ᠂ ᠶᠠᠺᠣᠪ ᠨᠠᠷ ᠲᠤ ᠥᠭᠬᠦ ᠪᠡᠷ ᠶᠣᠬᠣᠸᠠ ᠶᠢᠨ ᠲᠠᠩ᠋ᠭᠠᠷᠢᠭᠯᠠᠭᠰᠠᠨ ᠲᠡᠷᠡ ᠭᠠᠵᠠᠷ ᠲᠤ ᠴᠢᠨᠦ ᠠᠮᠢᠳᠤᠷᠠᠬᠤ ᠬᠤᠭᠤᠴᠠᠭ᠎ᠠ ᠡᠭᠦᠨ ᠡᠴᠡ ᠰᠢᠯᠲᠠᠭᠠᠯᠠᠭᠳᠠᠨ᠎ᠠ》 ᠭᠡᠵᠡᠢ᠃