ᠳᠡᠳ᠋ ᠬᠠᠤᠯᠢ ᠠᠷᠪᠠᠨ ᠲᠠᠪᠤ
ᠥᠷᠢ ᠠᠪᠤᠯᠭ᠎ᠠ ᠶᠢ ᠴᠤᠴᠠᠯᠬᠤ
1 ᠳᠣᠯᠣᠭᠠᠨ ᠵᠢᠯ ᠲᠤᠲᠤᠮ ᠳᠤ ᠵᠢᠯ ᠤᠨ ᠡᠴᠦᠰ ᠢᠶᠡᠷ ᠴᠢ ᠥᠷᠢ ᠠᠪᠤᠯᠭ᠎ᠠ ᠪᠠᠨ ᠴᠤᠴᠠᠯ᠃ 2 ᠥᠷᠢ ᠠᠪᠤᠯᠭ᠎ᠠ ᠶᠢ ᠡᠢᠨ ᠬᠦ ᠴᠤᠴᠠᠯ᠄ ᠵᠢᠭᠡᠯᠡᠯᠭᠡ ᠵᠢᠭᠡᠯᠡᠭᠦᠯᠦᠭᠴᠢ ᠬᠥᠮᠦᠨ ᠪᠦᠷᠢ ᠬᠥᠷᠰᠢ ᠡᠴᠡ ᠪᠡᠨ ᠠᠪᠬᠤ ᠠᠪᠤᠯᠭ᠎ᠠ ᠶᠢ ᠴᠤᠴᠠᠯᠬᠤ ᠶᠣᠰᠣᠲᠠᠢ᠃ ᠶᠣᠬᠣᠸᠠ ᠴᠤᠴᠠᠯᠤᠯᠲᠠ ᠶᠢ ᠲᠤᠩ᠋ᠬᠠᠭᠯᠠᠭᠰᠠᠨ ᠤᠴᠢᠷ ᠬᠥᠷᠰᠢ ᠡᠴᠡ ᠪᠡᠨ᠂ ᠡᠰᠡᠪᠡᠯ ᠠᠬ᠎ᠠ ᠳᠡᠭᠦᠦᠰ ᠡᠴᠡ ᠪᠡᠨ ᠥᠷᠢ ᠪᠠᠨ ᠪᠦᠦ ᠨᠡᠬᠡ᠃ 3 ᠬᠠᠷᠢ ᠶᠢᠨ ᠬᠥᠮᠦᠨ ᠡᠴᠡ ᠥᠷᠢ ᠪᠠᠨ ᠨᠡᠬᠡᠵᠦ ᠪᠣᠯᠣᠨ᠎ᠠ᠃ ᠬᠠᠷᠢᠨ ᠠᠬ᠎ᠠ ᠳᠡᠭᠦᠦᠰ ᠡᠴᠡ ᠪᠡᠨ ᠠᠪᠬᠤ ᠥᠷᠢ ᠶᠢ ᠴᠤᠴᠠᠯᠬᠤ ᠶᠣᠰᠣᠲᠠᠢ᠃ 4 ᠴᠢᠨᠦ ᠪᠤᠷᠬᠠᠨ ᠶᠣᠬᠣᠸᠠ ᠴᠢᠮ᠎ᠠ ᠳᠤ ᠥᠪ ᠪᠣᠯᠭᠠᠨ ᠡᠵᠡᠮᠰᠢᠭᠦᠯᠬᠦ ᠭᠠᠵᠠᠷ ᠳᠡᠭᠡᠷ᠎ᠡ ᠶᠣᠬᠣᠸᠠ ᠴᠢᠮᠠᠶᠢ ᠢᠪᠡᠭᠡᠨ ᠢᠪᠡᠭᠡᠬᠦ ᠤᠴᠢᠷ ᠲᠠᠨ ᠤ ᠳᠤᠮᠳᠠ ᠶᠠᠳᠠᠭᠤ ᠬᠥᠮᠦᠨ ᠪᠠᠢᠬᠤ ᠦᠭᠡᠢ ᠪᠣᠯᠣᠨ᠎ᠠ᠃ 5 ᠡᠭᠦᠨ ᠦ ᠲᠥᠯᠥᠭᠡ ᠴᠢ ᠶᠣᠬᠣᠸᠠ ᠪᠤᠷᠬᠠᠨ ᠤ ᠪᠠᠨ ᠳᠠᠭᠤ ᠬᠣᠭᠣᠯᠠᠢ ᠶᠢ ᠰᠣᠨᠣᠰᠣᠨ ᠰᠣᠨᠣᠰᠴᠤ᠂ ᠮᠢᠨᠦ ᠥᠨᠥᠳᠥᠷ ᠦᠨ ᠥᠭᠴᠦ ᠪᠤᠢ ᠡᠨᠡ ᠪᠦᠬᠦ ᠲᠤᠰᠢᠶᠠᠯ ᠢ ᠭᠦᠢᠴᠡᠳ ᠪᠡᠶᠡᠯᠡᠭᠦᠯᠬᠦ ᠶᠣᠰᠣᠲᠠᠢ᠃ 6 ᠴᠢᠨᠦ ᠪᠤᠷᠬᠠᠨ ᠶᠣᠬᠣᠸᠠ ᠴᠢᠮ᠎ᠠ ᠳᠤ ᠠᠮᠠᠯᠠᠭᠰᠠᠨ ᠶᠣᠰᠣᠭᠠᠷ ᠢᠶᠠᠨ ᠴᠢᠮᠠᠶᠢ ᠢᠪᠡᠭᠡᠬᠦ ᠲᠤᠯᠠ ᠴᠢ ᠣᠯᠠᠨ ᠦᠨᠳᠦᠰᠦᠲᠡᠨ ᠳᠦ ᠵᠢᠭᠡᠯᠡᠭᠦᠯᠦᠨ᠎ᠡ᠂ ᠬᠠᠷᠢᠨ ᠵᠢᠭᠡᠯᠡᠬᠦ ᠦᠭᠡᠢ᠃ ᠴᠢ ᠣᠯᠠᠨ ᠦᠨᠳᠦᠰᠦᠲᠡᠨ ᠢ ᠵᠠᠬᠢᠷᠤᠨ᠎ᠠ᠂ ᠬᠠᠷᠢᠨ ᠲᠡᠳᠡᠨ ᠳᠦ ᠵᠠᠬᠢᠷᠤᠭᠳᠠᠬᠤ ᠦᠭᠡᠢ᠃
ᠶᠠᠳᠠᠭᠤᠰ ᠲᠤ ᠵᠢᠭᠡᠯᠡᠭᠦᠯᠬᠦ
7 ᠶᠣᠬᠣᠸᠠ ᠪᠤᠷᠬᠠᠨ ᠤ ᠴᠢᠨᠢ ᠴᠢᠮ᠎ᠠ ᠳᠤ ᠥᠭᠬᠦ ᠭᠠᠵᠠᠷ ᠨᠤᠲᠤᠭ ᠳᠡᠭᠡᠷᠡᠬᠢ ᠠᠯᠢ ᠨᠢᠭᠡᠨ ᠬᠣᠲᠠ ᠲᠣᠰᠬᠣᠨ ᠳᠤ ᠴᠢᠨᠦ ᠶᠠᠳᠠᠭᠤ ᠠᠬ᠎ᠠ ᠳᠡᠭᠦᠦᠰ ᠪᠠᠢᠪᠠᠯ᠂ ᠴᠢ ᠬᠠᠲᠠᠭᠤ ᠰᠡᠳᠬᠢᠯ ᠪᠦᠦ ᠭᠠᠷᠭ᠎ᠠ᠃ ᠲᠡᠷᠡ ᠶᠠᠳᠠᠭᠤ ᠠᠬ᠎ᠠ ᠳᠡᠭᠦᠦᠰ ᠡᠴᠡ ᠪᠡᠨ ᠭᠠᠷ ᠢᠶᠠᠨ ᠪᠦᠦ ᠲᠠᠲᠠ᠃ 8 ᠬᠠᠷᠢᠨ ᠴᠢ ᠲᠡᠭᠦᠨ ᠤᠷᠤᠭᠤ ᠵᠠᠪᠠᠯ ᠭᠠᠷ ᠢᠶᠠᠨ ᠰᠤᠩ᠋ᠭᠠᠵᠤ᠂ ᠲᠡᠭᠦᠨ ᠦ ᠭᠠᠴᠢᠭᠳᠠᠵᠤ ᠪᠤᠢ ᠵᠦᠢᠯ ᠢ ᠥᠭᠭᠢᠶᠡᠮᠦᠷ ᠢᠶᠡᠷ ᠬᠠᠩ᠋ᠭᠠᠵᠤ ᠵᠢᠭᠡᠯᠡᠭᠦᠯ᠃ 9 ᠰᠡᠳᠬᠢᠯ ᠳᠤ ᠴᠢᠨᠢ ᠮᠠᠭᠤᠬᠠᠢ ᠰᠠᠨᠠᠭ᠎ᠠ ᠪᠣᠳᠣᠯ ᠪᠠᠢᠬᠤ ᠠᠴᠠ ᠪᠣᠯᠭᠣᠮᠵᠢᠯᠠ᠃ 《ᠥᠷᠢ ᠪᠠᠨ ᠴᠤᠴᠠᠯᠬᠤ ᠳᠣᠯᠣᠳᠠᠬᠢ ᠵᠢᠯ ᠣᠢᠷᠠᠲᠤᠯ᠎ᠠ》 ᠭᠡᠳ ᠶᠠᠳᠠᠭᠤ ᠠᠬ᠎ᠠ ᠳᠡᠭᠦᠦ ᠪᠡᠨ ᠠᠳᠠ ᠦᠵᠡᠵᠦ᠂ ᠲᠡᠭᠦᠨ ᠳᠦ ᠥᠭᠬᠦ ᠦᠭᠡᠢ ᠪᠠᠢᠪᠠᠯ ᠲᠡᠷᠡ ᠴᠢᠨᠦ ᠤᠯᠠᠮ ᠢᠶᠠᠷ ᠶᠣᠬᠣᠸᠠ ᠳᠤ ᠬᠠᠰᠬᠢᠷᠤᠨ᠎ᠠ᠂ ᠴᠢ ᠭᠡᠮ ᠨᠢᠭᠦᠯ ᠲᠡᠢ ᠪᠣᠯᠣᠨ᠎ᠠ᠃ 10 ᠴᠢ ᠲᠡᠭᠦᠨ ᠳᠦ ᠵᠠᠪᠠᠯ ᠥᠭ᠂ ᠥᠭᠬᠦ ᠳᠡᠭᠡᠨ ᠬᠠᠷᠠᠮᠴᠢ ᠵᠠᠩ ᠪᠦᠦ ᠭᠠᠷᠭ᠎ᠠ᠃ ᠡᠨᠡ ᠦᠢᠯᠡ ᠶᠢᠨ ᠤᠴᠢᠷ ᠢᠶᠠᠷ ᠴᠢᠨᠦ ᠪᠤᠷᠬᠠᠨ ᠶᠣᠬᠣᠸᠠ ᠴᠢᠨᠦ ᠪᠦᠬᠦ ᠶᠠᠪᠤᠳᠠᠯ ᠪᠣᠯᠣᠨ ᠭᠠᠷᠳᠠᠨ ᠬᠢᠬᠦ ᠪᠦᠬᠦᠨ ᠢ ᠴᠢᠨᠢ ᠢᠪᠡᠭᠡᠬᠦ ᠪᠣᠯᠣᠨ᠎ᠠ᠃ 11 ᠭᠠᠵᠠᠷ ᠳᠡᠯᠡᠬᠡᠢ ᠳᠡᠭᠡᠷ᠎ᠡ ᠶᠠᠳᠠᠭᠤ ᠬᠥᠮᠦᠨ ᠲᠠᠰᠤᠷᠠᠬᠤ ᠦᠭᠡᠢ᠃ ᠡᠭᠦᠨ ᠦ ᠤᠯᠠᠮ ᠢᠶᠠᠷ ᠪᠢ ᠴᠢᠮ᠎ᠠ ᠳᠤ᠄ 《ᠭᠠᠵᠠᠷ ᠨᠤᠲᠤᠭ ᠤᠨ ᠢᠶᠠᠨ ᠳᠡᠭᠡᠷᠡᠬᠢ ᠶᠠᠳᠠᠭᠤ ᠵᠦᠳᠡᠭᠦᠦ ᠠᠬ᠎ᠠ ᠳᠡᠭᠦᠦᠰ ᠲᠡᠭᠡᠨ ᠭᠠᠷ ᠢᠶᠠᠨ ᠰᠤᠩ᠋ᠭᠠᠵᠤ ᠪᠠᠢ》 ᠭᠡᠵᠦ ᠲᠤᠰᠢᠶᠠᠵᠤ ᠪᠠᠢᠨ᠎ᠠ᠃
ᠵᠠᠷᠤᠴᠠ ᠪᠣᠭᠣᠯ ᠢᠶᠠᠨ ᠴᠢᠯᠥᠭᠡᠯᠡᠬᠦ
12 ᠬᠡᠷᠪᠡ ᠴᠢᠨᠦ ᠠᠬ᠎ᠠ ᠳᠡᠭᠦᠦ ᠢᠪᠷᠠᠢ ᠡᠷᠡᠭᠲᠡᠢ᠂ ᠡᠰᠡᠪᠡᠯ ᠡᠮᠡᠭᠲᠡᠢ ᠴᠢᠮ᠎ᠠ ᠳᠤ ᠬᠤᠳᠠᠯᠳᠤᠭᠳᠠᠭᠠᠳ᠂ ᠵᠢᠷᠭᠤᠭᠠᠨ ᠵᠢᠯ ᠴᠢᠮ᠎ᠠ ᠳᠤ ᠵᠠᠷᠤᠴᠠᠯᠠᠭᠳᠠᠭᠰᠠᠨ ᠪᠣᠯ᠂ ᠴᠢ ᠲᠡᠭᠦᠨ ᠢ ᠳᠣᠯᠣᠳᠠᠬᠢ ᠵᠢᠯ ᠳᠦᠨᠢ ᠴᠢᠯᠥᠭᠡᠯᠡᠵᠦ ᠶᠠᠪᠤᠭᠤᠯ᠃ 13 ᠴᠢ ᠴᠢᠯᠥᠭᠡᠯᠡᠵᠦ ᠶᠠᠪᠤᠭᠤᠯᠬᠤ ᠳᠠᠭᠠᠨ ᠭᠠᠷ ᠬᠣᠭᠣᠰᠣᠨ ᠪᠦᠦ ᠶᠠᠪᠤᠭᠤᠯ᠂ 14 ᠬᠠᠷᠢᠨ ᠮᠠᠯ ᠰᠦᠷᠦᠭ ᠡᠴᠡ ᠪᠡᠨ᠂ ᠦᠲᠦᠷᠮ᠎ᠡ ᠡᠴᠡ ᠪᠡᠨ᠂ ᠦᠵᠦᠮ ᠦᠨ ᠰᠢᠬᠠᠭᠤᠷᠭ᠎ᠠ ᠠᠴᠠ ᠪᠠᠨ ᠲᠡᠭᠦᠨ ᠳᠦ ᠥᠭᠭᠢᠶᠡᠮᠦᠷ ᠪᠡᠯᠡᠭ ᠬᠦᠷᠲᠡᠭᠡᠵᠦ᠂ ᠶᠣᠬᠣᠸᠠ ᠪᠤᠷᠬᠠᠨ ᠤ ᠴᠢᠨᠢ ᠴᠢᠮᠠᠶᠢ ᠢᠪᠡᠭᠡᠭᠰᠡᠨ ᠶᠣᠰᠣᠭᠠᠷ ᠲᠡᠭᠦᠨ ᠳᠦ ᠥᠭ᠃ 15 ᠴᠢ ᠶᠧᠵᠢᠫᠲ ᠲᠤ ᠪᠣᠭᠣᠯ ᠪᠠᠢᠭᠰᠠᠨ ᠢᠶᠠᠨ᠂ ᠴᠢᠨᠦ ᠪᠤᠷᠬᠠᠨ ᠶᠣᠬᠣᠸᠠ ᠴᠢᠮᠠᠶᠢ ᠵᠣᠯᠢᠵᠤ ᠠᠪᠤᠭᠰᠠᠨ ᠢ ᠰᠠᠨᠠᠵᠤ ᠶᠠᠪᠤ᠃ ᠡᠢᠮᠦ ᠡᠴᠡ ᠪᠢ ᠥᠨᠥᠳᠥᠷ ᠴᠢᠮ᠎ᠠ ᠳᠤ ᠡᠨᠡ ᠵᠦᠢᠯ ᠢ ᠲᠤᠰᠢᠶᠠᠵᠤ ᠪᠠᠢᠨ᠎ᠠ᠃ 16 ᠭᠡᠬᠦ ᠳᠡᠭᠡᠨ ᠲᠡᠷᠡ ᠵᠠᠷᠤᠴᠠ ᠴᠢᠮ᠎ᠠ ᠳᠤ ᠪᠣᠯᠣᠨ ᠴᠢᠨᠦ ᠭᠡᠷ ᠪᠦᠯᠢ ᠶᠢᠨ ᠬᠢᠨ ᠳᠤ ᠬᠠᠢᠷᠠᠲᠠᠢ ᠪᠥᠭᠡᠳ ᠴᠢᠮ᠎ᠠ ᠲᠠᠢ ᠬᠠᠮᠲᠤ ᠪᠠᠢᠬᠤ ᠨᠢ ᠲᠡᠭᠦᠨ ᠳᠦ ᠰᠠᠢᠨ ᠪᠣᠯᠬᠣᠷ ᠴᠢᠮ᠎ᠠ ᠠᠴᠠ ᠬᠣᠯᠠᠳᠠᠵᠤ ᠶᠠᠪᠤᠬᠤ ᠦᠭᠡᠢ ᠭᠡᠪᠡᠯ᠂ 17 ᠴᠢ ᠰᠢᠪᠥᠭᠡ ᠠᠪᠤᠭᠠᠳ᠂ ᠲᠡᠭᠦᠨ ᠦ ᠴᠢᠬᠢ ᠶᠢ ᠬᠠᠭᠠᠯᠭᠠᠨ ᠳᠤ ᠨᠠᠭᠠᠵᠤ ᠪᠠᠢᠭᠠᠳ ᠴᠣᠭᠣᠯ᠃ ᠲᠡᠭᠡᠪᠡᠯ ᠲᠡᠷᠡ ᠨᠠᠰᠤᠨ ᠲᠤᠷᠰᠢᠳᠠ ᠪᠠᠨ ᠴᠢᠨᠦ ᠵᠠᠷᠤᠴᠠ ᠪᠣᠯᠣᠨ᠎ᠠ᠃ ᠴᠢ ᠰᠢᠪᠡᠭᠴᠢᠨ ᠳᠡᠭᠡᠨ ᠮᠥᠨ ᠡᠭᠦᠨᠴᠢᠯᠡᠨ ᠦᠢᠯᠡᠳ᠃
18 ᠵᠢᠷᠭᠤᠭᠠᠨ ᠵᠢᠯ ᠤᠨ ᠲᠤᠷᠰᠢ ᠲᠡᠷᠡ ᠪᠡᠷ ᠬᠥᠯᠥᠰᠥᠨ ᠦ ᠠᠵᠢᠯᠴᠢᠨ ᠠᠴᠠ ᠬᠣᠶᠠᠷ ᠳᠠᠬᠢᠨ ᠢᠯᠡᠭᠦᠦ ᠪᠡᠷ ᠴᠢᠮ᠎ᠠ ᠳᠤ ᠦᠢᠯᠡᠴᠢᠯᠡᠵᠦ ᠪᠠᠢᠭᠰᠠᠨ ᠠᠴᠠ ᠨᠢ ᠪᠣᠯᠣᠭᠠᠳ ᠴᠢ ᠲᠡᠭᠦᠨ ᠢ ᠴᠢᠯᠥᠭᠡᠯᠡᠵᠦ ᠶᠠᠪᠤᠭᠤᠯᠬᠤ ᠠᠴᠠ ᠪᠦᠦ ᠲᠦᠪᠡᠭᠰᠢᠶᠡ᠃ ᠲᠡᠭᠡᠪᠡᠯ ᠴᠢᠨᠦ ᠪᠤᠷᠬᠠᠨ ᠶᠣᠬᠣᠸᠠ ᠴᠢᠨᠦ ᠦᠢᠯᠡ ᠶᠠᠪᠤᠳᠠᠯ ᠪᠣᠯᠭᠠᠨ ᠳᠤ ᠴᠢᠮᠠᠶᠢ ᠢᠪᠡᠭᠡᠬᠦ ᠪᠣᠯᠣᠨ᠎ᠠ᠃
ᠮᠠᠯ ᠤᠨ ᠤᠤᠭᠠᠨ ᠲᠥᠯ ᠢ ᠲᠤᠰᠠᠭᠠᠷᠯᠠᠬᠤ
19 ᠴᠢ ᠪᠣᠳᠠ ᠪᠣᠭ ᠮᠠᠯ ᠤᠨ ᠢᠶᠠᠨ ᠠᠩ᠋ᠬᠠᠨ ᠤ ᠡᠷ᠎ᠡ ᠲᠥᠯ ᠪᠦᠷᠢ ᠶᠢ ᠶᠣᠬᠣᠸᠠ ᠪᠤᠷᠬᠠᠨ ᠳᠠᠭᠠᠨ ᠲᠤᠰᠠᠭᠠᠷᠯᠠᠨ ᠵᠣᠷᠢᠭᠤᠯ᠃ ᠴᠢ ᠦᠬᠡᠷ ᠦᠨ ᠢᠶᠠᠨ ᠤᠤᠭᠠᠨ ᠲᠤᠭᠤᠯ ᠢ ᠪᠦᠦ ᠬᠥᠯᠯᠡ᠂ ᠬᠣᠨᠢᠨ ᠤ ᠪᠠᠨ ᠤᠤᠭᠠᠨ ᠬᠤᠷᠠᠭ᠎ᠠ ᠶᠢ ᠪᠦᠦ ᠬᠢᠷᠭ᠎ᠠ᠃ 20 ᠡᠳᠡᠭᠡᠷ ᠢ ᠴᠢ ᠭᠡᠷ ᠪᠦᠯᠢ ᠶᠢᠨ ᠬᠢᠨ ᠲᠠᠢ ᠪᠠᠨ ᠬᠠᠮᠲᠤ ᠵᠢᠯ ᠪᠦᠷᠢ ᠶᠣᠬᠣᠸᠠ ᠪᠤᠷᠬᠠᠨ ᠤ ᠪᠠᠨ ᠡᠮᠦᠨ᠎ᠡ ᠶᠣᠬᠣᠸᠠ ᠶᠢᠨ ᠢᠶᠠᠨ ᠰᠣᠩ᠋ᠭᠣᠵᠤ ᠠᠪᠬᠤ ᠭᠠᠵᠠᠷ ᠲᠤ ᠢᠳᠡᠭᠡᠷᠡᠢ᠃ 21 ᠭᠡᠪᠡᠴᠦ ᠲᠡᠷᠡ ᠠᠮᠢᠲᠠᠨ ᠳᠣᠭᠣᠯᠠᠩ᠂ ᠰᠣᠬᠣᠷ᠂ ᠡᠰᠡᠪᠡᠯ ᠥᠭᠡᠷ᠎ᠡ ᠭᠡᠮ ᠰᠣᠭᠣᠭ ᠲᠠᠢ ᠪᠠᠢᠪᠠᠯ ᠲᠡᠭᠦᠨ ᠢ ᠶᠣᠬᠣᠸᠠ ᠪᠤᠷᠬᠠᠨ ᠳᠠᠭᠠᠨ ᠲᠠᠬᠢᠯ ᠪᠣᠯᠭᠠᠨ ᠡᠷᠭᠦᠵᠦ ᠪᠣᠯᠬᠤ ᠦᠭᠡᠢ᠃ 22 ᠴᠢ ᠲᠡᠭᠦᠨ ᠢ ᠬᠣᠲᠠ ᠶᠢᠨ ᠢᠶᠠᠨ ᠳᠣᠲᠣᠷ᠎ᠠ ᠢᠳᠡ᠃ ᠪᠤᠵᠠᠷᠲᠤᠭᠰᠠᠨ᠂ ᠡᠰᠡᠪᠡᠯ ᠴᠡᠪᠡᠷ ᠬᠥᠮᠦᠨ ᠦ ᠠᠯᠢ ᠨᠢ ᠴᠤ ᠲᠡᠭᠦᠨ ᠢ ᠭᠥᠷᠥᠭᠡᠰᠦ᠂ ᠪᠤᠭᠤ ᠶᠢᠨ ᠮᠢᠬ᠎ᠠ ᠢᠳᠡᠳᠡᠭ ᠰᠢᠭ ᠢᠶᠠᠨ ᠢᠳᠡᠵᠦ ᠪᠣᠯᠣᠨ᠎ᠠ᠃ 23 ᠭᠠᠭᠴᠠ ᠬᠦ ᠴᠢᠰᠤ ᠶᠢ ᠨᠢ ᠪᠦᠦ ᠢᠳᠡ᠂ ᠭᠠᠵᠠᠷ ᠲᠤ ᠤᠰᠤ ᠰᠢᠭ᠋ ᠠᠰᠬ᠎ᠠ᠃