1 2 3 4 5 6 7 8 9 10 11 12 13 14 15 16 17 18 19 20 21 22 23 24 25 26 27 28 29 30 31 32 33 34


ᠳᠡᠳ᠋ ᠬᠠᠤᠯᠢ ᠬᠣᠷᠢ ᠶᠢᠰᠦ
 ᠮᠣᠶᠠᠪ ᠲᠤ ᠪᠠᠢᠭᠤᠯᠤᠭᠰᠠᠨ ᠭᠡᠷ᠎ᠡ

1 ᠳᠠᠷᠠᠭᠠᠬᠢ ᠪᠣᠯ ᠬᠣᠷᠧᠪ ᠠᠭᠤᠯᠠᠨ ᠳᠤ ᠪᠠᠢᠭᠤᠯᠤᠭᠰᠠᠨ ᠭᠡᠷ᠎ᠡ ᠡᠴᠡ ᠭᠠᠳᠠᠨ᠎ᠠ᠂ ᠶᠣᠬᠣᠸᠠ ᠶᠢᠨ ᠮᠣᠶᠠᠪ ᠤᠨ ᠨᠤᠲᠤᠭ ᠲᠤ ᠮᠣᠰᠧ ᠳᠤ ᠲᠤᠰᠢᠶᠠᠨ ᠢᠰᠷᠧᠯᠴᠦᠳ ᠲᠡᠢ ᠪᠠᠢᠭᠤᠯᠤᠭᠰᠠᠨ ᠭᠡᠷ᠎ᠡ ᠶᠢᠨ ᠦᠭᠡᠰ ᠪᠢᠯᠡ᠃

2 ᠮᠣᠰᠧ ᠪᠦᠬᠦ ᠢᠰᠷᠧᠯ ᠢ ᠳᠠᠭᠤᠳᠠᠨ ᠲᠡᠳᠡᠨ ᠳᠦ᠄ 《ᠲᠠ ᠨᠠᠷ ᠶᠧᠵᠢᠫᠲ ᠲᠤ ᠪᠠᠢᠬᠤ ᠳᠠᠭᠠᠨ ᠹᠠᠷᠠᠣ᠋ ᠳᠤ ᠪᠣᠯᠣᠨ ᠲᠡᠭᠦᠨ ᠦ ᠪᠦᠬᠦ ᠲᠦᠰᠢᠮᠡᠳ ᠲᠦ᠂ ᠲᠡᠭᠦᠨ ᠦ ᠪᠦᠬᠦ ᠭᠠᠵᠠᠷ ᠨᠤᠲᠤᠭ ᠲᠤ ᠶᠣᠬᠣᠸᠠ ᠶᠢᠨ ᠦᠢᠯᠡᠳᠦᠭᠰᠡᠨ ᠪᠦᠬᠦᠨ ᠢ ᠨᠢᠳᠦ ᠪᠡᠷ ᠢᠶᠠᠨ ᠦᠵᠡᠭᠰᠡᠨ᠂ 3 ᠲᠠ ᠨᠠᠷ ᠡᠮᠦᠨᠡᠬᠢ ᠶᠡᠬᠡ ᠭᠠᠮᠰᠢᠭ᠂ ᠲᠡᠮᠳᠡᠭ ᠤᠳ ᠪᠣᠯᠣᠨ ᠭᠠᠢᠬᠠᠮᠰᠢᠭ ᠤᠳ ᠢ ᠨᠢᠳᠦ ᠪᠡᠷ ᠢᠶᠠᠨ ᠦᠵᠡᠭᠰᠡᠨ᠃ 4 ᠬᠠᠷᠢᠨ ᠶᠣᠬᠣᠸᠠ ᠲᠠ ᠨᠠᠷ ᠲᠤ ᠣᠢᠯᠠᠭᠠᠬᠤ ᠣᠶᠤᠨ᠂ ᠬᠠᠷᠠᠬᠤ ᠨᠢᠳᠦ᠂ ᠰᠣᠨᠣᠰᠬᠤ ᠴᠢᠬᠢ ᠶᠢ ᠥᠨᠥ ᠬᠦᠷᠲᠡᠯ᠎ᠡ ᠰᠣᠶᠣᠷᠬᠠᠭ᠎ᠠ ᠦᠭᠡᠢ᠃ 5 ᠪᠢ ᠲᠠ ᠨᠠᠷ ᠢ ᠴᠥᠯ ᠳᠤ ᠳᠥᠴᠢᠨ ᠵᠢᠯ ᠳᠠᠭᠠᠭᠤᠯᠵᠤ ᠶᠠᠪᠤᠭᠰᠠᠨ ᠪᠣᠯᠪᠠᠴᠤ ᠡᠨᠡ ᠬᠤᠭᠤᠴᠠᠭᠠᠨ ᠳᠤ᠂ ᠡᠮᠦᠰᠦᠭᠰᠡᠨ ᠬᠤᠪᠴᠠᠰᠤ ᠴᠢᠨᠢ ᠡᠯᠡᠭᠳᠡᠭᠡ ᠦᠭᠡᠢ᠂ ᠬᠥᠯ ᠳᠠᠬᠢ ᠭᠤᠲᠤᠯ ᠴᠢᠨᠢ ᠴᠤ ᠮᠠᠢᠵᠢᠢᠭ᠎ᠠ ᠦᠭᠡᠢ᠂ 6 ᠮᠥᠨ ᠲᠠ ᠨᠠᠷ ᠪᠣᠣᠪᠣ ᠴᠤ ᠢᠳᠡᠯ ᠦᠭᠡᠢ᠂ ᠳᠠᠷᠠᠰᠤ ᠴᠤ ᠤᠤᠭᠤᠯ ᠦᠭᠡᠢ ᠠᠮᠢᠳᠤᠷᠠᠭᠰᠠᠨ᠃ ᠡᠨᠡ ᠨᠢ ᠲᠠ ᠨᠠᠷ ᠤᠨ ᠪᠤᠷᠬᠠᠨ ᠪᠣᠯ ᠶᠣᠬᠣᠸᠠ ᠪᠢ ᠭᠡᠳᠡᠭ ᠢ ᠮᠡᠳᠡᠭᠦᠯᠬᠦ ᠶᠢᠨ ᠲᠤᠯᠠᠳᠠ ᠶᠤᠮ᠃ 7 ᠲᠠ ᠨᠠᠷ ᠡᠨᠡ ᠭᠠᠵᠠᠷ ᠲᠤ ᠬᠦᠷᠴᠦ ᠢᠷᠡᠬᠦ ᠳᠦ᠂ ᠾᠧᠱᠪᠣᠨ ᠤ ᠬᠠᠭᠠᠨ ᠰᠢᠬᠣᠨ᠂ ᠪᠠᠱᠠᠨ ᠤ ᠬᠠᠭᠠᠨ ᠣᠭ ᠪᠢᠳᠡᠨ ᠲᠡᠢ ᠪᠠᠢᠯᠳᠤᠬᠤ ᠪᠠᠷ ᠢᠷᠡᠭᠰᠡᠨ ᠪᠣᠯᠪᠠᠴᠤ ᠪᠢᠳᠡ ᠲᠡᠳᠡᠨ ᠢ ᠪᠤᠲᠠ ᠴᠣᠬᠢᠭᠰᠠᠨ᠃ 8 ᠪᠢᠳᠡ ᠭᠠᠵᠠᠷ ᠨᠤᠲᠤᠭ ᠢ ᠨᠢ ᠣᠯᠵᠤ᠂ ᠷᠧᠣᠪᠧᠨ᠂ ᠭᠠᠳ᠋ ᠬᠢᠭᠡᠳ ᠮᠠᠨᠠᠰᠧ ᠣᠪᠣᠭ ᠤᠨ ᠬᠢᠨ ᠤ ᠬᠠᠭᠠᠰ ᠲᠤ ᠥᠪ ᠪᠣᠯᠭᠠᠨ ᠥᠭᠭᠥᠭᠰᠡᠨ ᠪᠢᠯᠡ᠃ 9 ᠲᠡᠢᠮᠦ ᠡᠴᠡ ᠲᠠ ᠨᠠᠷ ᠡᠨᠡ ᠭᠡᠷ᠎ᠡ ᠶᠢᠨ ᠦᠭᠡ ᠶᠢ ᠰᠠᠬᠢᠵᠤ ᠪᠡᠶᠡᠯᠡᠭᠦᠯ᠂ ᠲᠡᠭᠡᠪᠡᠯ ᠲᠠ ᠨᠠᠷ ᠬᠢᠬᠦ ᠪᠦᠬᠦᠨ ᠳᠡᠭᠡᠨ ᠠᠮᠵᠢᠯᠲᠠ ᠣᠯᠬᠤ ᠪᠣᠯᠣᠨ᠎ᠠ᠃

10 ᠥᠨᠥᠳᠥᠷ ᠲᠠ ᠪᠦᠬᠦᠨ ᠶᠣᠬᠣᠸᠠ ᠪᠤᠷᠬᠠᠨ ᠤ ᠪᠠᠨ ᠡᠮᠦᠨ᠎ᠡ ᠵᠣᠭᠰᠣᠵᠤ ᠪᠠᠢᠨ᠎ᠠ᠃ ᠲᠠᠨ ᠤ ᠣᠪᠣᠭ ᠤᠨ ᠲᠡᠷᠢᠭᠦᠨ ᠨᠦᠭᠦᠳ᠂ ᠲᠠᠨ ᠤ ᠠᠬᠠᠮᠠᠳ ᠤᠳ᠂ ᠲᠠᠨ ᠤ ᠳᠠᠭᠠᠭᠠᠮᠠᠯ ᠤᠳ᠂ ᠢᠰᠷᠧᠯ ᠤᠨ ᠪᠦᠬᠦ ᠡᠷᠡᠴᠦᠳ᠂ 11 ᠲᠠᠨ ᠤ ᠦᠷ᠎ᠡ ᠬᠡᠦᠬᠡᠳ᠂ ᠲᠠ ᠨᠠᠷ ᠤᠨ ᠡᠬᠡᠨᠡᠷ ᠤᠳ ᠪᠣᠯᠣᠨ ᠲᠠ ᠨᠠᠷ ᠤᠨ ᠲᠥᠯᠥᠭᠡ ᠮᠣᠳᠣ ᠬᠠᠭᠠᠯᠤᠨ ᠤᠰᠤ ᠵᠥᠭᠡᠭᠡᠵᠦ ᠲᠠᠨ ᠤ ᠬᠤᠸᠠᠷᠠᠨ ᠳᠤ ᠰᠠᠭᠤᠳᠠᠭ ᠬᠠᠷᠢ ᠶᠢᠨ ᠬᠥᠮᠦᠰ ᠬᠦᠷᠲᠡᠯ᠎ᠡ ᠪᠦᠭᠦᠳᠡᠭᠡᠷ ᠵᠣᠭᠰᠣᠵᠤ ᠪᠠᠢᠬᠤ ᠨᠢ 12 ᠶᠣᠬᠣᠸᠠ ᠪᠤᠷᠬᠠᠨ ᠤ ᠪᠠᠨ ᠥᠨᠥᠳᠥᠷ ᠲᠠ ᠨᠠᠷ ᠲᠠᠢ ᠬᠠᠮᠲᠤ ᠪᠠᠢᠭᠤᠯᠬᠤ ᠭᠡᠵᠦ ᠪᠤᠢ ᠭᠡᠷ᠎ᠡ ᠳᠦ᠂ ᠮᠥᠨ ᠲᠡᠭᠦᠨ ᠦ ᠲᠠᠩ᠋ᠭᠠᠷᠢᠭ ᠲᠤ ᠣᠷᠣᠯᠴᠠᠬᠤ ᠶᠢᠨ ᠲᠤᠯᠠᠳᠠ ᠶᠤᠮ᠃ 13 ᠡᠢᠨ ᠬᠦ ᠶᠣᠬᠣᠸᠠ ᠴᠢᠮ᠎ᠠ ᠳᠤ ᠠᠢᠯᠠᠳᠤᠭᠰᠠᠨ ᠶᠣᠰᠣᠭᠠᠷ ᠢᠶᠠᠨ᠂ ᠮᠥᠨ ᠴᠢᠨᠦ ᠡᠴᠢᠭᠡ ᠡᠪᠦᠭᠡᠳ ᠠᠪᠷᠠᠬᠠᠮ᠂ ᠢᠰᠠᠺ ᠪᠣᠯᠣᠨ ᠶᠠᠺᠣᠪ ᠲᠤ ᠲᠠᠩ᠋ᠭᠠᠷᠢᠭᠯᠠᠭᠰᠠᠨ ᠶᠣᠰᠣᠭᠠᠷ ᠢᠶᠠᠨ ᠥᠨᠥᠳᠥᠷ ᠴᠢᠮᠠᠶᠢ ᠡᠷᠭᠦᠨ ᠥᠪᠡᠷ ᠦᠨ ᠢᠶᠠᠨ ᠠᠷᠠᠳ ᠲᠦᠮᠡᠨ ᠪᠣᠯᠭᠠᠵᠤ᠂ ᠥᠪᠡᠷ ᠢᠶᠡᠨ ᠴᠢᠨᠦ ᠪᠤᠷᠬᠠᠨ ᠪᠣᠯᠬᠤ ᠪᠣᠯᠣᠨ᠎ᠠ᠃ 14 ᠪᠢ ᠡᠨᠡ ᠭᠡᠷ᠎ᠡ ᠪᠣᠯᠣᠨ ᠡᠨᠡ ᠲᠠᠩ᠋ᠭᠠᠷᠢᠭ ᠢ ᠵᠥᠪᠬᠡᠨ ᠲᠠ ᠨᠠᠷ ᠲᠠᠢ ᠪᠠᠢᠭᠤᠯᠬᠤ ᠪᠢᠰᠢ᠂ 15 ᠥᠨᠥᠳᠥᠷ ᠡ᠊ᠨᠳᠡ ᠪᠢᠳᠡᠨ ᠦ ᠪᠤᠷᠬᠠᠨ ᠶᠣᠬᠣᠸᠠ ᠶᠢᠨ ᠡᠮᠦᠨ᠎ᠡ ᠬᠠᠮᠲᠤ ᠵᠣᠭᠰᠣᠵᠤ ᠪᠠᠢᠭ᠎ᠠ ᠪᠦᠬᠦ ᠬᠥᠮᠦᠨ ᠡᠴᠡ ᠭᠠᠳᠠᠨ᠎ᠠ ᠥᠨᠥᠳᠥᠷ ᠡ᠊ᠨᠳᠡ ᠬᠠᠮᠲᠤ ᠪᠠᠢᠬᠤ ᠦᠭᠡᠢ ᠪᠦᠬᠦ ᠬᠥᠮᠦᠨ ᠲᠡᠢ ᠪᠠᠢᠭᠤᠯᠵᠤ ᠪᠠᠢᠨ᠎ᠠ᠃
 ᠭᠡᠷ᠎ᠡ ᠶᠢ ᠣᠭᠣᠷᠬᠤ ᠶᠢᠨ ᠦᠷ᠎ᠡ ᠳᠠᠭᠠᠪᠤᠷᠢ

16 ᠶᠧᠵᠢᠫᠲ ᠲᠤ ᠪᠢᠳᠡᠨ ᠦ ᠬᠡᠷᠬᠢᠨ ᠠᠮᠢᠳᠤᠷᠠᠭᠰᠠᠨ ᠢ᠂ ᠮᠥᠨ ᠤᠯᠤᠰ ᠭᠦᠷᠦᠨ ᠨᠦᠭᠦᠳ ᠦᠨ ᠳᠤᠮᠳᠠᠭᠤᠷ ᠬᠡᠷᠬᠢᠨ ᠭᠠᠷᠴᠤ ᠢᠷᠡᠭᠰᠡᠨ ᠢ ᠲᠠ ᠨᠠᠷ ᠮᠡᠳᠡᠨ᠎ᠡ᠃ 17 ᠲᠠ ᠨᠠᠷ ᠲᠡᠳᠡᠭᠡᠷ ᠦᠨᠳᠦᠰᠦᠲᠡᠨ ᠳᠦ ᠪᠠᠢᠭ᠎ᠠ ᠵᠢᠭᠰᠢᠭᠦᠷᠢᠲᠦ ᠵᠦᠢᠯᠡᠰ ᠢ ᠴᠤ᠂ ᠮᠣᠳᠣ᠂ ᠴᠢᠯᠠᠭᠤ᠂ ᠮᠥᠩᠭᠥ᠂ ᠠᠯᠲᠠᠨ ᠰᠢᠲᠦᠭᠡᠨ ᠨᠦᠭᠦᠳ ᠢ ᠴᠤ ᠬᠠᠷᠠᠭᠰᠠᠨ᠃ 18 ᠲᠡᠳᠡᠭᠡᠷ ᠦᠨᠳᠦᠰᠦᠲᠡᠨ ᠦ ᠪᠤᠷᠬᠠᠳ ᠲᠤ ᠣᠴᠢᠵᠤ ᠮᠥᠷᠭᠥᠬᠦ ᠪᠡᠷ ᠪᠢᠳᠡᠨ ᠦ ᠪᠤᠷᠬᠠᠨ ᠶᠣᠬᠣᠸᠠ ᠠᠴᠠ ᠰᠡᠳᠬᠢᠯ ᠡᠷᠭᠢᠬᠦ ᠡᠷᠡᠭᠲᠡᠢ ᠡᠮᠡᠭᠲᠡᠢ᠂ ᠡᠰᠡᠪᠡᠯ ᠭᠡᠷ ᠪᠦᠯᠢ᠂ ᠣᠪᠣᠭ ᠲᠠ ᠨᠠᠷ ᠤᠨ ᠳᠤᠮᠳᠠ ᠪᠦᠦ ᠪᠠᠢᠭ᠂ ᠲᠠ ᠨᠠᠷ ᠤᠨ ᠳᠣᠲᠣᠷ᠎ᠠ ᠲᠡᠢᠮᠦ ᠬᠣᠣᠷᠲᠤ ᠭᠠᠰᠢᠭᠤᠨ ᠵᠢᠮᠢᠰ ᠰᠠᠭᠤᠯᠭᠠᠬᠤ ᠦᠨᠳᠦᠰᠦ ᠪᠦᠦ ᠪᠠᠢᠭ᠃ 19 ᠲᠡᠢᠮᠦ ᠬᠥᠮᠦᠨ ᠡᠨᠡ ᠬᠠᠷᠢᠶᠠᠯ ᠤᠨ ᠦᠭᠡᠰ ᠢ ᠰᠣᠨᠣᠰᠬᠤ ᠪᠣᠯᠪᠠᠴᠤ ᠥᠪᠡᠷ ᠢ ᠪᠠᠨ ᠲᠠᠢᠪᠤᠰᠢᠷᠠᠭᠤᠯᠤᠨ ᠳᠣᠲᠣᠷ᠎ᠠ ᠪᠠᠨ᠄ 〈ᠪᠢ ᠬᠦᠰᠡᠯ ᠵᠣᠷᠢᠭ ᠢᠶᠠᠷ ᠢᠶᠠᠨ ᠠᠮᠢᠳᠤᠷᠠᠭᠰᠠᠨ ᠴᠤ ᠠᠶᠤᠯ ᠦᠭᠡᠢ ᠪᠠᠢᠬᠤ ᠪᠣᠯᠣᠨ᠎ᠠ〉 ᠭᠡᠪᠡᠯ᠂ ᠤᠰᠤ ᠲᠠᠢ ᠭᠠᠵᠠᠷ ᠲᠤ ᠴᠤ᠂ ᠬᠠᠭᠤᠷᠠᠢ ᠭᠠᠵᠠᠷ ᠲᠤ ᠴᠤ ᠰᠦᠢᠷᠡᠯ ᠠᠪᠴᠢᠷᠠᠬᠤ ᠪᠣᠯᠣᠨ᠎ᠠ᠃ 20 ᠶᠣᠬᠣᠸᠠ ᠲᠡᠭᠦᠨ ᠢ ᠥᠷᠥᠰᠢᠶᠡᠬᠦ ᠦᠭᠡᠢ᠃ ᠶᠣᠬᠣᠸᠠ ᠶᠢᠨ ᠬᠢᠯᠢᠩ ᠬᠢᠭᠡᠳ ᠵᠢᠲᠥᠭᠡᠷᠬᠡᠯ ᠲᠡᠭᠦᠨ ᠦ ᠡᠰᠡᠷᠭᠦ ᠰᠢᠲᠠᠵᠤ᠂ ᠡᠨᠡ ᠨᠣᠮ ᠳᠤ ᠪᠢᠴᠢᠭᠳᠡᠭᠰᠡᠨ ᠬᠠᠷᠢᠶᠠᠯ ᠪᠦᠬᠦᠨ ᠲᠡᠭᠦᠨ ᠳᠡᠭᠡᠷ᠎ᠡ ᠪᠠᠭᠤᠵᠤ᠂ ᠶᠣᠬᠣᠸᠠ ᠲᠡᠭᠦᠨ ᠦ ᠨᠡᠷ᠎ᠡ ᠶᠢ ᠲᠩᠷᠢ ᠶᠢᠨ ᠳᠣᠣᠷ᠎ᠠ ᠠᠴᠠ ᠠᠷᠢᠯᠭᠠᠨ᠎ᠠ᠃ 21 ᠶᠣᠬᠣᠸᠠ ᠲᠡᠢᠮᠦ ᠬᠥᠮᠦᠨ ᠢ ᠢᠰᠷᠧᠯ ᠤᠨ ᠪᠦᠬᠦ ᠣᠪᠣᠭ ᠠᠴᠠ ᠰᠠᠯᠭᠠᠨ ᠠᠪᠴᠤ᠂ ᠡᠨᠡ ᠬᠠᠤᠯᠢ ᠶᠢᠨ ᠨᠣᠮ ᠳᠤ ᠪᠢᠴᠢᠭᠳᠡᠭᠰᠡᠨ ᠭᠡᠷ᠎ᠡ ᠶᠢᠨ ᠬᠠᠮᠤᠭ ᠬᠠᠷᠢᠶᠠᠯ ᠤᠨ ᠶᠣᠰᠣᠭᠠᠷ ᠲᠡᠭᠦᠨ ᠳᠦ ᠭᠠᠢ ᠵᠣᠪᠠᠯᠠᠩ ᠪᠠᠭᠤᠯᠭᠠᠨ᠎ᠠ᠃ 22 ᠴᠢᠨᠦ ᠬᠣᠢᠴᠢ ᠦᠶ᠎ᠡ ᠶᠢᠨ ᠦᠷ᠎ᠡ ᠤᠳᠤᠮ ᠬᠢᠭᠡᠳ ᠠᠯᠤᠰ ᠭᠠᠵᠠᠷ ᠠᠴᠠ ᠬᠦᠷᠴᠦ ᠢᠷᠡᠬᠦ ᠬᠠᠷᠢᠴᠤᠳ ᠲᠡᠷᠡ ᠭᠠᠵᠠᠷ ᠤᠨ ᠭᠠᠮᠰᠢᠭ ᠪᠣᠯᠣᠨ ᠶᠣᠬᠣᠸᠠ ᠶᠢᠨ ᠲᠡᠨᠳᠡ ᠳᠡᠯᠭᠡᠷᠡᠭᠦᠯᠦᠭᠰᠡᠨ ᠡᠪᠡᠳᠴᠢᠨ ᠢ ᠬᠠᠷᠠᠨ᠎ᠠ᠂ 23 ᠮᠥᠨ ᠪᠦᠬᠦ ᠭᠠᠵᠠᠷ ᠬᠦᠬᠦᠷ ᠪᠣᠯᠣᠨ ᠳᠠᠪᠤᠰᠤ ᠪᠣᠯᠵᠤ᠂ ᠭᠠᠯ ᠳᠤ ᠰᠢᠲᠠᠨ᠎ᠠ᠂ ᠲᠠᠷᠢᠶᠠᠯᠠᠵᠤ ᠪᠣᠯᠬᠤ ᠦᠭᠡᠢ᠂ ᠨᠠᠬᠢᠶ᠎ᠠ ᠭᠠᠷᠬᠤ ᠦᠭᠡᠢ᠂ ᠡᠪᠡᠰᠦ ᠨᠣᠭᠣᠭ᠎ᠠ ᠤᠷᠭᠤᠬᠤ ᠦᠭᠡᠢ ᠪᠣᠯᠣᠭᠠᠳ ᠶᠣᠬᠣᠸᠠ ᠶᠢᠨ ᠠᠭᠤᠷ ᠬᠢᠯᠢᠩ ᠳᠤ ᠰᠦᠢᠷᠡᠭᠰᠡᠨ ᠰᠣᠳᠣᠮ᠂ ᠭᠣᠮᠣᠷᠠ᠂ ᠠᠳ᠋ᠮᠠ᠂ ᠽᠧᠪᠣᠢᠮ ᠤᠨ ᠰᠦᠢᠷᠡᠯ ᠰᠢᠭ ᠪᠣᠯᠣᠭᠰᠠᠨ ᠢ ᠦᠵᠡᠨ᠎ᠡ᠃ 24 ᠲᠡᠷᠡ ᠦᠶ᠎ᠡ ᠳᠦ ᠬᠠᠮᠤᠭ ᠦᠨᠳᠦᠰᠦᠲᠡᠨ᠄ 〈ᠶᠣᠬᠣᠸᠠ ᠡᠨᠡ ᠭᠠᠵᠠᠷ ᠲᠤ ᠶᠠᠭᠠᠬᠢᠭᠠᠳ ᠡᠢᠮᠦ ᠵᠦᠢᠯ ᠢ ᠬᠢᠪᠡ︖ ᠶᠠᠭᠠᠬᠢᠭᠠᠳ ᠡᠢᠮᠦ ᠶᠡᠬᠡ ᠠᠭᠤᠷ ᠬᠢᠯᠢᠩ ᠢᠶᠠᠨ ᠢᠯᠡᠷᠬᠡᠶᠢᠯᠡᠪᠡ︖〉 ᠭᠡᠵᠦ ᠬᠡᠯᠡᠪᠡᠯ᠂ 25 ᠬᠥᠮᠦᠰ᠄ 〈ᠲᠡᠳᠡ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠶᠢᠨ ᠶᠧᠵᠢᠫᠲ ᠤᠨ ᠨᠤᠲᠤᠭ ᠠᠴᠠ ᠲᠡᠳᠡᠨ ᠢ ᠭᠠᠷᠭᠠᠬᠤ ᠳᠠᠭᠠᠨ ᠪᠠᠢᠭᠤᠯᠤᠭᠰᠠᠨ ᠭᠡᠷ᠎ᠡ ᠶᠢ ᠣᠭᠣᠷᠴᠠᠢ᠂ 26 ᠲᠡᠳᠡ ᠥᠪᠡᠷᠰᠡᠳ ᠢᠶᠡᠨ ᠴᠤ ᠮᠡᠳᠡᠳᠡᠭ ᠦᠭᠡᠢ᠂ ᠶᠣᠬᠣᠸᠠ ᠴᠤ ᠵᠥᠪᠰᠢᠶᠡᠷᠡᠭᠡ ᠦᠭᠡᠢ ᠥᠭᠡᠷ᠎ᠡ ᠪᠤᠷᠬᠠᠳ ᠤᠷᠤᠭᠤ ᠡᠷᠭᠢᠵᠦ ᠲᠡᠳᠡᠨ ᠳᠦ ᠦᠢᠯᠡᠴᠢᠯᠡᠨ᠂ ᠮᠥᠷᠭᠥᠭᠰᠡᠨ ᠪᠢᠯᠡ᠃ 27 ᠲᠡᠢᠮᠦ ᠤᠴᠢᠷ ᠠᠴᠠ ᠶᠣᠬᠣᠸᠠ ᠶᠢᠨ ᠠᠭᠤᠷ ᠬᠢᠯᠢᠩ ᠲᠡᠷᠡ ᠭᠠᠵᠠᠷ ᠤᠨ ᠡᠰᠡᠷᠭᠦ ᠰᠢᠲᠠᠵᠤ᠂ ᠨᠥᠭᠥᠭᠡ ᠨᠣᠮ ᠳᠤ ᠪᠢᠴᠢᠭᠳᠡᠭᠰᠡᠨ ᠪᠦᠬᠦ ᠬᠠᠷᠢᠶᠠᠯ ᠲᠡᠭᠦᠨ ᠦ ᠳᠡᠭᠡᠷ᠎ᠡ ᠪᠠᠭᠤᠭᠰᠠᠨ᠃ 28 ᠶᠣᠬᠣᠸᠠ ᠪᠠᠰᠠ ᠠᠭᠤᠷ ᠬᠢᠯᠢᠩ ᠤᠨ ᠢᠶᠠᠨ ᠤᠯᠠᠮ ᠢᠶᠠᠷ ᠲᠡᠳᠡᠨ ᠢ ᠭᠠᠵᠠᠷ ᠠᠴᠠ ᠨᠢ ᠰᠤᠭᠤᠯᠵᠤ ᠥᠭᠡᠷ᠎ᠡ ᠤᠯᠤᠰ ᠣᠷᠣᠨ ᠤᠷᠤᠭᠤ ᠰᠢᠳᠡᠵᠦ ᠬᠠᠶᠠᠭᠰᠠᠨ ᠢᠶᠠᠷ ᠥᠨᠥᠳᠥᠷ ᠦᠨ ᠬᠢ ᠲᠠᠢ ᠠᠳᠠᠯᠢ ᠪᠣᠯᠵᠠᠢ〉 ᠭᠡᠵᠦ ᠬᠠᠷᠢᠭᠤᠯᠤᠨ᠎ᠠ᠃ 29 ᠳᠠᠯᠳᠠ ᠵᠦᠢᠯᠡᠰ ᠨᠢ ᠪᠢᠳᠡᠨ ᠦ ᠪᠤᠷᠬᠠᠨ ᠶᠣᠬᠣᠸᠠ ᠶᠢᠨ ᠬᠢ᠂ ᠢᠯᠡ ᠵᠦᠢᠯᠡᠰ ᠨᠢ ᠪᠢᠳᠡ ᠪᠣᠯᠣᠨ ᠪᠢᠳᠡᠨ ᠦ ᠦᠷ᠎ᠡ ᠤᠳᠤᠮ ᠤᠨ ᠬᠢ᠃ ᠡᠨᠡ ᠬᠠᠤᠯᠢ ᠶᠢᠨ ᠪᠦᠬᠦ ᠦᠭᠡ ᠶᠢ ᠪᠢᠳᠡ ᠬᠡᠷᠡᠭᠵᠢᠭᠦᠯᠬᠦ ᠶᠣᠰᠣᠲᠠᠢ᠃