ᠳᠡᠳ᠋ ᠬᠠᠤᠯᠢ ᠬᠣᠷᠢᠨ ᠳᠥᠷᠪᠡ
ᠭᠡᠷᠯᠡᠯᠲᠡ ᠪᠠ ᠰᠠᠯᠤᠯᠲᠠ
1 ᠬᠥᠮᠦᠨ ᠡᠬᠡᠨᠡᠷ ᠠᠪᠴᠤ ᠭᠡᠷᠯᠡᠭᠰᠡᠨ ᠦ ᠪᠠᠨ ᠳᠠᠷᠠᠭ᠎ᠠ᠂ ᠲᠡᠭᠦᠨ ᠳᠦ ᠢᠴᠢᠭᠦᠷᠢᠲᠦ ᠶᠠᠪᠤᠳᠠᠯ ᠪᠠᠢᠭ᠎ᠠ ᠶᠢ ᠣᠯᠵᠤ ᠮᠡᠳᠡᠭᠡᠳ ᠲᠡᠭᠦᠨ ᠢ ᠲᠠᠭᠠᠯᠠᠬᠤ ᠪᠠᠨ ᠪᠣᠯᠢᠬᠤ ᠲᠣᠬᠢᠶᠠᠯᠳᠤᠯ ᠳᠤ᠂ ᠲᠡᠷᠡ ᠪᠡᠷ ᠰᠠᠯᠤᠯᠲᠠ ᠶᠢᠨ ᠭᠡᠷᠡᠴᠢ ᠪᠢᠴᠢᠵᠦ᠂ ᠭᠠᠷ ᠲᠤᠨᠢ ᠥᠭᠭᠥᠭᠡᠳ ᠲᠡᠭᠦᠨ ᠢ ᠭᠡᠷ ᠡᠴᠡ ᠪᠡᠨ ᠶᠠᠪᠤᠭᠤᠯᠵᠤ ᠪᠣᠯᠣᠨ᠎ᠠ᠃ 2 ᠬᠠᠷᠢᠨ ᠲᠡᠷᠡ ᠡᠮᠡᠭᠲᠡᠢ ᠭᠡᠷ ᠡᠴᠡ ᠨᠢ ᠭᠠᠷᠴᠤ ᠶᠠᠪᠤᠭᠠᠳ᠂ ᠥᠭᠡᠷ᠎ᠡ ᠬᠥᠮᠦᠨ ᠦ ᠡᠬᠡᠨᠡᠷ ᠪᠣᠯᠣᠭᠰᠠᠨ ᠤ ᠳᠠᠷᠠᠭ᠎ᠠ᠂ 3 ᠬᠣᠶᠠᠳᠠᠬᠢ ᠨᠥᠬᠥᠷ ᠨᠢ ᠪᠠᠰᠠ ᠲᠡᠭᠦᠨ ᠳᠦ ᠳᠤᠷ᠎ᠠ ᠦᠭᠡᠶᠢᠴᠡᠵᠦ ᠰᠠᠯᠤᠯᠲᠠ ᠶᠢᠨ ᠭᠡᠷᠡᠴᠢ ᠪᠢᠴᠢᠨ᠂ ᠭᠠᠷ ᠲᠤᠨᠢ ᠥᠭᠭᠥᠭᠡᠳ ᠭᠡᠷ ᠡᠴᠡ ᠪᠡᠨ ᠶᠠᠪᠤᠭᠤᠯᠬᠤ᠂ ᠡᠰᠡᠪᠡᠯ ᠬᠣᠶᠠᠳᠠᠬᠢ ᠨᠥᠬᠥᠷ ᠨᠢ ᠨᠠᠰᠤ ᠪᠠᠷᠠᠬᠤ ᠲᠣᠬᠢᠶᠠᠯᠳᠤᠯ ᠳᠤ᠂ 4 ᠲᠡᠷᠡ ᠡᠮᠡᠭᠲᠡᠢ ᠪᠤᠵᠠᠷᠲᠤᠭᠰᠠᠨ ᠤᠴᠢᠷ ᠠᠩ᠋ᠬᠠᠨ ᠤ ᠨᠥᠬᠥᠷ ᠨᠢ ᠳᠠᠬᠢᠨ ᠡᠬᠡᠨᠡᠷ ᠢᠶᠡᠨ ᠪᠣᠯᠭᠠᠨ ᠠᠪᠴᠤ ᠪᠣᠯᠬᠤ ᠦᠭᠡᠢ᠃ ᠢᠩᠭᠢᠬᠦ ᠨᠢ ᠶᠣᠬᠣᠸᠠ ᠶᠢᠨ ᠡᠮᠦᠨ᠎ᠡ ᠵᠢᠭᠰᠢᠭᠦᠷᠢᠲᠦ ᠵᠦᠢᠯ ᠪᠣᠯᠣᠨ᠎ᠠ᠃ ᠴᠢᠨᠦ ᠪᠤᠷᠬᠠᠨ ᠶᠣᠬᠣᠸᠠ ᠠᠴᠠ ᠴᠢᠮ᠎ᠠ ᠳᠤ ᠥᠪ ᠪᠣᠯᠭᠠᠨ ᠥᠭᠬᠦ ᠲᠡᠷᠡ ᠨᠤᠲᠤᠭ ᠳᠡᠭᠡᠷ᠎ᠡ ᠴᠢ ᠨᠢᠭᠦᠯ ᠢ ᠪᠦᠦ ᠪᠠᠢᠯᠭ᠎ᠠ᠃
5 ᠰᠠᠶ᠋ᠢᠬᠠᠨ ᠭᠡᠷᠯᠡᠭᠰᠡᠨ ᠬᠥᠮᠦᠨ ᠢ ᠴᠡᠷᠢᠭ ᠲᠤ ᠪᠦᠦ ᠶᠠᠪᠤᠭᠤᠯ᠂ ᠠᠯᠢᠪᠠ ᠠᠯᠪᠠᠨ ᠳᠤ ᠪᠦᠦ ᠲᠠᠲᠠ᠃ ᠲᠡᠷᠡ ᠨᠢᠭᠡ ᠵᠢᠯ ᠭᠡᠷ ᠲᠡᠭᠡᠨ ᠴᠢᠯᠥᠭᠡᠲᠡᠢ ᠰᠠᠭᠤᠵᠤ᠂ ᠠᠪᠤᠭᠰᠠᠨ ᠡᠬᠡᠨᠡᠷ ᠢᠶᠡᠨ ᠵᠢᠷᠭᠠᠭᠤᠯᠬᠤ ᠶᠣᠰᠣᠲᠠᠢ᠃
ᠠᠮᠢ ᠶᠢ ᠬᠠᠮᠠᠭᠠᠯᠠᠬᠤ
6 ᠭᠠᠷ ᠲᠡᠭᠡᠷᠮ᠎ᠡ᠂ ᠡᠰᠡᠪᠡᠯ ᠲᠡᠭᠦᠨ ᠦ ᠪᠤᠯᠤ ᠴᠢᠯᠠᠭᠤ ᠶᠢ ᠪᠠᠷᠢᠴᠠᠭᠠᠨ ᠳᠤ ᠪᠦᠦ ᠠᠪ᠃ ᠲᠡᠭᠡᠬᠦ ᠨᠢ ᠬᠥᠮᠦᠨ ᠦ ᠠᠮᠢ ᠶᠢ ᠪᠠᠷᠢᠴᠠᠭᠠᠯᠠᠬᠤ ᠲᠠᠢ ᠠᠳᠠᠯᠢ᠃
7 ᠢᠰᠷᠧᠯ ᠠᠬ᠎ᠠ ᠳᠡᠭᠦᠦ ᠪᠡᠨ ᠤᠤᠯᠭᠠᠯᠠᠵᠤ ᠲᠡᠭᠦᠨ ᠢ ᠪᠠᠨ ᠪᠣᠭᠣᠯᠴᠢᠯᠠᠭᠰᠠᠨ᠂ ᠡᠰᠡᠪᠡᠯ ᠬᠤᠳᠠᠯᠳᠤᠭᠰᠠᠨ ᠬᠥᠮᠦᠨ ᠪᠠᠷᠢᠭᠳᠠᠪᠠᠯ ᠲᠡᠷᠡ ᠤᠤᠯᠭᠠᠯᠠᠭᠴᠢ ᠶᠢ ᠴᠠᠭᠠᠵᠠᠯᠠ᠃ ᠲᠠ ᠨᠠᠷ ᠡᠢᠮᠦᠷᠬᠦ ᠮᠠᠭᠤ ᠶᠠᠪᠤᠳᠠᠯ ᠢ ᠳᠣᠲᠣᠷ᠎ᠠ ᠠᠴᠠ ᠪᠠᠨ ᠵᠠᠢᠯᠠᠭᠤᠯ᠃
8 ᠴᠢ ᠠᠷᠠᠰᠤᠨ ᠤ ᠬᠠᠯᠳᠠᠪᠤᠷᠢᠲᠤ ᠡᠪᠡᠳᠴᠢᠨ ᠡᠴᠡ ᠪᠣᠯᠭᠣᠮᠵᠢᠯᠠᠵᠤ᠂ ᠲᠠᠬᠢᠯᠴᠢ ᠯᠧᠸᠢᠴᠦᠳ ᠦᠨ ᠵᠢᠭᠠᠪᠤᠷᠢᠯᠠᠬᠤ ᠪᠦᠭᠦᠳᠡ ᠶᠢᠨ ᠳᠠᠭᠠᠤ ᠭᠦᠢᠴᠡᠳ ᠰᠠᠬᠢᠵᠤ ᠪᠡᠶᠡᠯᠡᠭᠦᠯ᠂ ᠮᠢᠨᠦ ᠲᠡᠳᠡᠨ ᠳᠦ ᠲᠤᠰᠢᠶᠠᠭᠰᠠᠨ ᠶᠣᠰᠣᠭᠠᠷ ᠴᠢ ᠰᠠᠬᠢᠵᠤ ᠪᠡᠶᠡᠯᠡᠭᠦᠯᠬᠦ ᠶᠣᠰᠣᠲᠠᠢ᠃ 9 ᠲᠠ ᠨᠠᠷ ᠤᠨ ᠶᠧᠵᠢᠫᠲ ᠡᠴᠡ ᠭᠠᠷᠴᠤ ᠢᠷᠡᠬᠦ ᠵᠠᠮ ᠳᠤ ᠴᠢᠨᠦ ᠪᠤᠷᠬᠠᠨ ᠶᠣᠬᠣᠸᠠ ᠶᠢᠨ ᠮᠢᠷᠢᠶᠠᠮ ᠳᠤ ᠶᠠᠭᠤ ᠦᠢᠯᠡᠳᠦᠭᠰᠡᠨ ᠢ ᠰᠠᠨᠠᠭᠲᠤᠨ᠃
ᠶᠠᠳᠠᠭᠤᠰ ᠢ ᠬᠠᠯᠠᠮᠵᠢᠯᠠᠬᠤ
10 ᠴᠢ ᠬᠥᠷᠰᠢ ᠳᠡᠭᠡᠨ ᠶᠠᠮᠠᠷ ᠨᠢᠭᠡᠨ ᠶᠠᠭᠤᠮ᠎ᠠ ᠵᠢᠭᠡᠯᠡᠭᠦᠯᠬᠦ ᠳᠡᠭᠡᠨ ᠪᠠᠷᠢᠴᠠᠭ᠎ᠠ ᠠᠪᠬᠤ ᠪᠠᠷ ᠭᠡᠷ ᠲᠤᠨᠢ ᠪᠦᠦ ᠣᠷᠣ᠃ 11 ᠬᠠᠷᠢᠨ ᠭᠠᠳᠠᠨ᠎ᠠ ᠨᠢ ᠵᠣᠭᠰᠣᠵᠤ ᠪᠠᠢ᠂ ᠴᠢᠮ᠎ᠠ ᠠᠴᠠ ᠵᠢᠭᠡᠯᠡᠯᠭᠡ ᠠᠪᠤᠭᠰᠠᠨ ᠬᠥᠮᠦᠨ ᠪᠠᠷᠢᠴᠠᠭ᠎ᠠ ᠪᠠᠨ ᠥᠪᠡᠷ ᠢᠶᠡᠨ ᠴᠢᠮ᠎ᠠ ᠳᠤ ᠠᠪᠴᠢᠷᠠᠵᠤ ᠥᠭᠭᠥᠭ᠃ 12 ᠬᠡᠷᠪᠡ ᠲᠡᠷᠡ ᠬᠥᠮᠦᠨ ᠶᠠᠳᠠᠭᠤ ᠪᠣᠯ ᠴᠢ ᠲᠡᠭᠦᠨ ᠦ ᠪᠠᠷᠢᠴᠠᠭ᠎ᠠ ᠶᠢ ᠨᠥᠮᠥᠷᠴᠦ ᠤᠨᠲᠠᠵᠤ ᠪᠣᠯᠬᠤ ᠦᠭᠡᠢ᠃ 13 ᠴᠢ ᠲᠡᠭᠦᠨ ᠦ ᠪᠠᠷᠢᠴᠠᠭ᠎ᠠ ᠶᠢ ᠨᠠᠷᠠ ᠰᠢᠩᠭᠡᠬᠦ ᠦᠶ᠎ᠡ ᠳᠦ ᠵᠠᠪᠠᠯ ᠪᠤᠴᠠᠭᠠᠵᠤ ᠥᠭᠬᠦ ᠶᠣᠰᠣᠲᠠᠢ᠃ ᠲᠡᠭᠡᠪᠡᠯ ᠲᠡᠷᠡ ᠬᠥᠮᠦᠨ ᠬᠤᠪᠴᠠᠰᠤ ᠪᠠᠨ ᠨᠥᠮᠥᠷᠴᠦ ᠤᠨᠲᠠᠬᠤ ᠪᠥᠭᠡᠳ ᠴᠢᠮᠠᠶᠢ ᠢᠷᠥᠭᠡᠬᠦ ᠲᠤᠯᠠ ᠡᠨᠡ ᠦᠢᠯᠡ ᠴᠢᠨᠢ ᠴᠢᠨᠦ ᠪᠤᠷᠬᠠᠨ ᠶᠣᠬᠣᠸᠠ ᠶᠢᠨ ᠡᠮᠦᠨ᠎ᠡ ᠵᠥᠪ ᠲᠤ ᠲᠣᠭᠠᠴᠠᠭᠳᠠᠬᠤ ᠪᠣᠯᠣᠨ᠎ᠠ᠃
14 ᠢᠰᠷᠧᠯᠴᠦᠳ ᠦᠨ ᠳᠤᠮᠳᠠ᠂ ᠡᠰᠡᠪᠡᠯ ᠲᠠᠨ ᠤ ᠨᠤᠲᠤᠭ ᠤᠨ ᠬᠣᠲᠠ ᠲᠣᠰᠬᠣᠨ ᠳᠤ ᠰᠠᠭᠤᠳᠠᠭ ᠬᠠᠷᠢᠴᠤᠳ ᠤᠨ ᠳᠤᠮᠳᠠ ᠪᠠᠢᠭ᠎ᠠ ᠶᠠᠳᠠᠭᠤ ᠵᠦᠳᠡᠭᠦᠦ ᠬᠥᠯᠥᠰᠥᠨ ᠦ ᠠᠵᠢᠯᠴᠢᠨ ᠢ ᠪᠦᠦ ᠮᠥᠯᠵᠢ᠃ 15 ᠲᠡᠷᠡ ᠶᠠᠳᠠᠭᠤ ᠪᠥᠭᠡᠳ ᠬᠥᠯᠥᠰᠥ ᠮᠥᠩᠭᠥ ᠪᠡᠷ ᠢᠶᠠᠨ ᠠᠮᠢ ᠭᠣᠣᠯ ᠢᠶᠠᠨ ᠵᠢᠭᠤᠵᠤ ᠪᠠᠢᠳᠠᠭ ᠤᠴᠢᠷ ᠬᠥᠯᠥᠰᠥ ᠶᠢ ᠨᠢ ᠨᠠᠷᠠ ᠰᠢᠩᠭᠡᠬᠦ ᠡᠴᠡ ᠡᠮᠦᠨ᠎ᠡ ᠡᠳᠦᠷ ᠲᠤᠨᠢ ᠥᠭᠴᠦ ᠪᠠᠢ᠃ ᠡᠰᠡ ᠲᠡᠭᠡᠪᠡᠯ ᠲᠡᠷᠡ ᠴᠢᠮᠠᠶᠢ ᠶᠣᠬᠣᠸᠠ ᠳᠤ ᠮᠡᠳᠡᠭᠦᠯᠵᠦ ᠴᠢ ᠨᠢᠭᠦᠯ ᠲᠡᠢ ᠪᠣᠯᠬᠤ ᠪᠤᠢ᠃
16 ᠡᠴᠢᠭᠡ ᠨᠢ ᠬᠦᠦ ᠡᠴᠡ ᠪᠡᠨ ᠪᠣᠯᠵᠤ ᠴᠠᠭᠠᠵᠠᠯᠠᠭᠳᠠᠬᠤ ᠶᠣᠰᠣ ᠦᠭᠡᠢ᠃ ᠬᠦᠦ ᠨᠢ ᠴᠤ ᠡᠴᠢᠭᠡ ᠡᠴᠡ ᠪᠡᠨ ᠪᠣᠯᠵᠤ ᠴᠠᠭᠠᠵᠠᠯᠠᠭᠳᠠᠬᠤ ᠶᠣᠰᠣ ᠦᠭᠡᠢ᠃ ᠬᠥᠮᠦᠨ ᠪᠦᠷᠢ ᠥᠪᠡᠷ ᠦᠨ ᠢᠶᠠᠨ ᠨᠢᠭᠦᠯ ᠦᠨ ᠤᠯᠠᠮ ᠢᠶᠠᠷ ᠴᠠᠭᠠᠵᠠᠯᠠᠭᠳᠠᠬᠤ ᠶᠣᠰᠣᠲᠠᠢ᠃
17 ᠥᠨᠥᠴᠢᠨ ᠴᠠᠭᠠᠴᠢᠨ ᠤ ᠭᠣᠮᠣᠳᠠᠯ ᠢ ᠪᠦᠦ ᠣᠭᠣᠷ᠃ ᠪᠡᠯᠪᠡᠰᠦᠨ ᠡᠮᠡᠭᠲᠡᠢ ᠶᠢᠨ ᠬᠤᠪᠴᠠᠰᠤ ᠶᠢ ᠪᠠᠷᠢᠴᠠᠭᠠᠨ ᠳᠤ ᠪᠦᠦ ᠠᠪ᠃ 18 ᠴᠢ ᠶᠧᠵᠢᠫᠲ ᠲᠤ ᠪᠣᠭᠣᠯ ᠪᠠᠢᠭᠰᠠᠨ ᠢᠶᠠᠨ᠂ ᠶᠣᠬᠣᠸᠠ ᠪᠤᠷᠬᠠᠨ ᠴᠢᠨᠢ ᠴᠢᠮᠠᠶᠢ ᠲᠡᠨᠳᠡ ᠡᠴᠡ ᠵᠣᠯᠢᠵᠤ ᠠᠪᠤᠭᠰᠠᠨ ᠢ ᠰᠠᠨᠠᠵᠤ ᠶᠠᠪᠤ᠃ ᠲᠡᠢᠮᠦ ᠤᠴᠢᠷ ᠠᠴᠠ ᠪᠢ ᠴᠢᠮ᠎ᠠ ᠳᠤ ᠡᠭᠦᠨ ᠢ ᠲᠤᠰᠢᠶᠠᠵᠤ ᠪᠠᠢᠨ᠎ᠠ᠃
19 ᠴᠢ ᠲᠠᠯᠠᠪᠠᠢ ᠳᠠᠬᠢ ᠲᠠᠷᠢᠶ᠎ᠠ ᠪᠠᠨ ᠬᠠᠳᠤᠵᠤ ᠪᠠᠢᠬᠤ ᠳᠠᠭᠠᠨ ᠲᠡᠨᠳᠡ ᠨᠢᠭᠡ ᠪᠣᠭᠣᠵᠢ ᠶᠢ ᠮᠠᠷᠲᠠᠭᠰᠠᠨ ᠪᠣᠯ᠂ ᠲᠡᠭᠦᠨ ᠢ ᠪᠠᠨ ᠠᠪᠬᠤ ᠪᠠᠷ ᠪᠦᠦ ᠪᠤᠴᠠ᠂ ᠬᠠᠷᠢᠨ ᠬᠠᠷᠢ ᠶᠢᠨ ᠬᠥᠮᠦᠨ᠂ ᠥᠨᠥᠴᠢᠨ ᠬᠡᠦᠬᠡᠳ᠂ ᠪᠡᠯᠪᠡᠰᠦᠨ ᠡᠮᠡᠭᠲᠡᠢ ᠶᠢᠨ ᠲᠥᠯᠥᠭᠡ ᠦᠯᠡᠳᠡᠭᠡ᠃ ᠴᠢᠨᠦ ᠪᠤᠷᠬᠠᠨ ᠶᠣᠬᠣᠸᠠ ᠭᠠᠷ ᠢᠶᠠᠷ ᠢᠶᠠᠨ ᠬᠢᠬᠦ ᠪᠦᠬᠦᠨ ᠢ ᠴᠢᠨᠢ ᠢᠪᠡᠭᠡᠬᠦ ᠪᠣᠯᠣᠨ᠎ᠠ᠃ 20 ᠴᠢ ᠴᠢᠳᠦᠨ ᠮᠣᠳᠣ ᠪᠠᠨ ᠰᠡᠭᠰᠦᠷᠦᠭᠰᠡᠨ ᠦ ᠳᠠᠷᠠᠭ᠎ᠠ᠂ ᠮᠥᠴᠢᠷ ᠳᠡᠭᠡᠷᠡᠬᠢ ᠶᠢ ᠨᠢ ᠳᠠᠬᠢᠨ ᠪᠦᠦ ᠠᠵᠢᠭᠯᠠ᠃ ᠦᠯᠡᠳᠡᠭᠰᠡᠨ ᠨᠢ ᠬᠠᠷᠢ ᠶᠢᠨ ᠬᠥᠮᠦᠨ᠂ ᠥᠨᠥᠴᠢᠨ ᠬᠡᠦᠬᠡᠳ᠂ ᠪᠡᠯᠪᠡᠰᠦᠨ ᠡᠮᠡᠭᠲᠡᠢ ᠶᠢᠨ ᠬᠢ ᠪᠣᠯᠣᠭ᠃
21 ᠴᠢ ᠦᠵᠦᠮ ᠦᠨ ᠴᠡᠴᠡᠷᠯᠢᠭ ᠡᠴᠡ ᠪᠡᠨ ᠦᠵᠦᠮ ᠢᠶᠡᠨ ᠬᠤᠷᠢᠶᠠᠭᠰᠠᠨ ᠤ ᠳᠠᠷᠠᠭ᠎ᠠ᠂ ᠦᠯᠡᠳᠡᠭᠰᠡᠨ ᠢ ᠨᠢ ᠪᠦᠦ ᠲᠡᠭᠦ᠂ ᠦᠯᠡᠳᠡᠭᠰᠡᠨ ᠨᠢ ᠬᠠᠷᠢ ᠶᠢᠨ ᠬᠥᠮᠦᠨ᠂ ᠥᠨᠥᠴᠢᠨ ᠬᠡᠦᠬᠡᠳ᠂ ᠪᠡᠯᠪᠡᠰᠦᠨ ᠡᠮᠡᠭᠲᠡᠢ ᠶᠢᠨ ᠬᠢ ᠪᠣᠯᠣᠭ᠃ 22 ᠴᠢ ᠶᠧᠵᠢᠫᠲ ᠨᠤᠲᠤᠭ ᠲᠤ ᠪᠣᠭᠣᠯ ᠪᠠᠢᠭᠰᠠᠨ ᠢᠶᠠᠨ ᠰᠠᠨᠠ᠃ ᠲᠡᠢᠮᠦ ᠤᠴᠢᠷ ᠠᠴᠠ ᠪᠢ ᠴᠢᠮ᠎ᠠ ᠳᠤ ᠡᠭᠦᠨ ᠢ ᠲᠤᠰᠢᠶᠠᠵᠤ ᠪᠠᠢᠨ᠎ᠠ᠃