1 2 3


ᠲᠢᠲ ᠨᠢᠭᠡ
 ᠠᠬᠠᠯᠠᠭᠴᠢ ᠪᠠ ᠬᠠᠷᠠᠭᠠᠯᠵᠠᠭᠴᠢᠳ ᠢ ᠲᠣᠮᠢᠯᠠᠬᠤ ᠨᠢ

1 ᠪᠤᠷᠬᠠᠨ ᠤ ᠵᠠᠷᠤᠴᠠ᠂ ᠢᠰᠦ᠋ᠰ ᠾᠷᠢᠰᠲ᠋ᠣᠰ ᠤᠨ ᠰᠢᠳᠠᠷ ᠱᠠᠪᠢ ᠫᠠᠦ᠋ᠯ ᠪᠢ ᠪᠤᠷᠬᠠᠨ ᠤ ᠰᠣᠩ᠋ᠭᠣᠭᠰᠠᠨ ᠬᠥᠮᠦᠰ ᠦᠨ ᠢᠲᠡᠭᠡᠯ ᠬᠢᠭᠡᠳ ᠰᠦᠰᠦᠭ ᠲᠦ ᠬᠦᠷᠬᠦ ᠦᠨᠡᠨ ᠦ ᠮᠡᠳᠡᠯᠭᠡ ᠶᠢᠨ ᠲᠥᠯᠥᠭᠡ᠂ 2 ᠬᠤᠳᠠᠯ ᠦᠯᠦ ᠬᠡᠯᠡᠭᠴᠢ ᠪᠤᠷᠬᠠᠨ ᠤ ᠴᠠᠭ ᠦᠶ᠎ᠡ ᠡᠬᠢᠯᠡᠬᠦ ᠡᠴᠡ ᠡᠮᠦᠨ᠎ᠡ ᠠᠮᠠᠯᠠᠭᠰᠠᠨ ᠮᠥᠩᠬᠡ ᠠᠮᠢ ᠶᠢᠨ ᠨᠠᠢᠳᠠᠪᠤᠷᠢ ᠳᠡᠭᠡᠷ᠎ᠡ ᠲᠣᠮᠢᠯᠠᠭᠳᠠᠭᠰᠠᠨ᠃ 3 ᠪᠤᠷᠬᠠᠨ ᠦᠭᠡ ᠪᠡᠨ ᠥᠪᠡᠷ ᠦᠨ ᠢᠶᠠᠨ ᠴᠠᠭ ᠲᠤ ᠪᠠᠶᠠᠷ ᠤᠨ ᠮᠡᠳᠡᠭᠡ ᠪᠡᠷ ᠳᠠᠮᠵᠢᠭᠤᠯᠤᠨ ᠢᠯᠡᠷᠬᠡᠶᠢᠯᠡᠭᠰᠡᠨ᠂ ᠲᠡᠷᠡ ᠮᠡᠳᠡᠭᠡ ᠶᠢ ᠪᠢᠳᠡᠨ ᠦ ᠠᠪᠤᠷᠠᠭᠴᠢ ᠪᠤᠷᠬᠠᠨ ᠡᠷᠬᠡ ᠮᠡᠳᠡᠯ ᠢᠶᠡᠷ ᠢᠶᠠᠨ ᠨᠠᠳᠠ ᠳᠤ ᠳᠠᠭᠠᠭᠠᠯᠭᠠᠭᠰᠠᠨ ᠶᠤᠮ᠃

4 ᠠᠳᠠᠯᠢᠬᠠᠨ ᠢᠲᠡᠭᠡᠯ ᠢᠶᠡᠷ ᠮᠢᠨᠦ ᠵᠢᠩᠬᠢᠨᠢ ᠬᠦᠦ ᠪᠣᠯᠣᠭᠰᠠᠨ ᠲᠢᠲ ᠲᠤ᠄ ᠡᠴᠢᠭᠡ ᠪᠤᠷᠬᠠᠨ ᠪᠠ ᠪᠢᠳᠡᠨ ᠦ ᠠᠪᠤᠷᠠᠭᠴᠢ ᠾᠷᠢᠰᠲ᠋ᠣᠰ ᠢᠰᠦ᠋ᠰ ᠤᠨ ᠢᠪᠡᠭᠡᠯ ᠪᠠ ᠠᠮᠤᠭᠤᠯᠠᠩ ᠪᠠᠢᠬᠤ ᠪᠣᠯᠲᠤᠭᠠᠢ᠃

5 ᠴᠢᠮᠠᠶᠢ ᠺᠷᠧᠲ᠋ᠠ ᠳᠤ ᠦᠯᠡᠳᠡᠭᠡᠭᠰᠡᠨ ᠦ ᠤᠴᠢᠷ ᠨᠢ ᠴᠢᠮ᠎ᠠ ᠪᠠᠷ ᠳᠤᠲᠠᠭᠤ ᠵᠦᠢᠯᠡᠰ ᠢ ᠨᠥᠬᠥᠭᠦᠯᠵᠦ᠂ ᠵᠠᠬᠢᠭᠰᠠᠨ ᠶᠣᠰᠣᠭᠠᠷ ᠢᠶᠠᠨ ᠬᠣᠲᠠ ᠪᠣᠯᠭᠠᠨ ᠳᠤ ᠠᠬᠠᠯᠠᠭᠴᠢᠳ ᠢ ᠲᠣᠮᠢᠯᠠᠭᠤᠯᠬᠤ ᠶᠢᠨ ᠲᠤᠯᠠᠳᠠ ᠶᠤᠮ᠃ 6 ᠠᠬᠠᠯᠠᠭᠴᠢ ᠨᠢ ᠵᠢᠮᠡᠯᠡᠭᠦᠯᠬᠦ ᠵᠦᠢᠯ ᠦᠭᠡᠢ᠂ ᠨᠢᠭᠡ ᠯᠠ ᠡᠬᠡᠨᠡᠷ ᠲᠡᠢ ᠪᠠᠢᠬᠤ ᠶᠣᠰᠣᠲᠠᠢ᠂ ᠬᠡᠦᠬᠡᠳ ᠤᠳ ᠨᠢ ᠴᠤ ᠢᠲᠡᠭᠡᠭᠴᠢ ᠪᠠᠢᠵᠤ᠂ ᠲᠠᠩ᠋ᠬᠠᠢ ᠪᠤᠶᠤ ᠳᠤᠭᠤᠯᠭᠠᠪᠤᠷᠢ ᠦᠭᠡᠢ ᠬᠡᠮᠡᠨ ᠰᠢᠭᠦᠮᠵᠢᠯᠡᠭᠳᠡᠬᠦ ᠦᠭᠡᠢ ᠪᠠᠢᠬᠤ ᠶᠣᠰᠣᠲᠠᠢ᠃ 7 ᠬᠠᠷᠠᠭᠠᠯᠵᠠᠭᠴᠢ ᠨᠢ ᠪᠤᠷᠬᠠᠨ ᠤ ᠭᠡᠷ ᠦᠨ ᠬᠠᠮᠢᠶᠠᠷᠤᠭᠴᠢ ᠪᠣᠯᠬᠣᠷ ᠵᠢᠮᠡᠯᠡᠭᠦᠯᠬᠦ ᠵᠦᠢᠯ ᠦᠭᠡᠢ᠂ ᠳᠤᠷ᠎ᠠ ᠪᠠᠷ ᠢᠶᠠᠨ ᠪᠢᠰᠢ᠂ ᠬᠡᠳᠡᠷ ᠪᠢᠰᠢ᠂ ᠠᠷᠢᠬᠢᠴᠢᠨ ᠪᠢᠰᠢ᠂ ᠵᠣᠳᠣᠭᠠᠴᠢᠨ ᠪᠢᠰᠢ᠂ ᠵᠣᠭᠣᠰᠣᠨ ᠤ ᠰᠢᠨᠤᠯ ᠦᠭᠡᠢ᠂ 8 ᠬᠠᠷᠢᠨ ᠵᠣᠴᠢᠨᠰᠠᠭ᠂ ᠰᠠᠢᠨ ᠳᠤ ᠳᠤᠷᠠᠲᠠᠢ᠂ ᠡᠷᠡᠭᠦᠯ ᠤᠬᠠᠭᠠᠨ ᠲᠠᠢ᠂ ᠵᠥᠪ᠂ ᠠᠷᠢᠭᠤᠨ᠂ ᠪᠡᠶ᠎ᠡ ᠪᠡᠨ ᠪᠠᠷᠢᠬᠤ ᠴᠢᠳᠠᠪᠤᠷᠢ ᠲᠠᠢ ᠪᠥᠭᠡᠳ 9 ᠰᠤᠷᠭᠠᠯ ᠳᠤ ᠨᠡᠢᠴᠡᠬᠦ ᠢᠲᠡᠭᠡᠮᠵᠢᠲᠦ ᠦᠭᠡ ᠶᠢ ᠪᠠᠷᠢᠮᠲᠠᠯᠠᠭᠴᠢ ᠪᠠᠢᠬᠤ ᠶᠣᠰᠣᠲᠠᠢ᠂ ᠲᠡᠢᠮᠦ ᠬᠥᠮᠦᠨ ᠪᠤᠰᠤᠳ ᠢ ᠡᠷᠡᠭᠦᠯ ᠰᠤᠷᠭᠠᠯ ᠢᠶᠠᠷ ᠤᠷᠮᠠᠰᠢᠭᠤᠯᠵᠤ᠂ ᠡᠰᠡᠷᠭᠦᠴᠡᠭᠴᠢᠳ ᠢ ᠨᠢᠴᠤᠭᠠᠬᠤ ᠪᠣᠯᠣᠨ᠎ᠠ᠃
 ᠪᠤᠷᠤᠭᠤ ᠰᠤᠷᠭᠠᠭᠴᠢᠳ ᠢ ᠵᠢᠮᠡᠯᠡᠬᠦ ᠨᠢ

10 ᠳᠤᠭᠤᠯᠭᠠᠪᠤᠷᠢ ᠦᠭᠡᠢ ᠪᠠᠢᠭᠰᠠᠳ᠂ ᠳᠡᠮᠡᠢ ᠦᠭᠡ ᠪᠡᠷ ᠰᠠᠨᠠᠭ᠎ᠠ ᠶᠢ ᠲᠥᠭᠡᠷᠢᠭᠦᠯᠦᠭᠰᠡᠳ ᠨᠢ ᠬᠥᠪᠴᠢᠷᠬᠡᠢ ᠬᠥᠨᠳᠡᠯᠲᠡ ᠶᠢ ᠱᠠᠭᠠᠷᠳᠠᠭᠴᠢᠳ ᠤᠨ ᠳᠤᠮᠳᠠ ᠨᠡᠩ ᠣᠯᠠᠨ ᠪᠤᠢ᠃ 11 ᠲᠡᠳᠡᠨ ᠦ ᠠᠮᠠ ᠶᠢ ᠲᠠᠭᠯᠠᠬᠤ ᠶᠣᠰᠣᠲᠠᠢ᠃ ᠲᠡᠳᠡ ᠰᠢᠳᠤᠷᠭᠤ ᠪᠤᠰᠤ ᠠᠰᠢᠭ ᠤᠨ ᠲᠥᠯᠥᠭᠡ ᠵᠣᠬᠢᠰ ᠦᠭᠡᠢ ᠶᠢ ᠵᠢᠭᠠᠵᠤ᠂ ᠠᠢᠯ ᠤᠳ ᠢ ᠪᠦᠬᠦᠯᠢ ᠪᠠᠷ ᠨᠢ ᠨᠤᠷᠠᠭᠠᠵᠤ ᠪᠠᠢᠳᠠᠭ᠃ 12 ᠺᠷᠧᠲ᠋ᠠ ᠤᠨ ᠨᠢᠭᠡ ᠡᠰᠢ ᠦᠵᠡᠭᠦᠯᠦᠭᠴᠢ ᠥᠪᠡᠷ ᠢᠶᠡᠨ᠄ 《ᠺᠷᠧᠲ᠋ᠴᠦᠳ ᠪᠣᠯ ᠦᠷᠭᠦᠯᠵᠢ ᠶᠢᠨ ᠬᠤᠳᠠᠯᠴᠢ᠂ ᠥᠭᠡᠳᠡ ᠦᠭᠡᠢ ᠠᠳᠤᠭᠤᠰᠤ᠂ ᠦᠢᠯᠡᠰ ᠦᠭᠡᠢ ᠬᠣᠪᠳᠣᠭ ᠤᠳ ᠶᠤᠮ》 ᠭᠡᠰᠡᠨ᠃ 13 ᠡᠨᠡ ᠭᠡᠷᠡᠴᠢᠯᠡᠯ ᠦᠨᠡᠨ ᠪᠠᠢᠨ᠎ᠠ᠃ ᠡᠢᠮᠦ ᠡᠴᠡ ᠴᠢ ᠲᠡᠳᠡᠨ ᠢ ᠴᠢᠩᠳᠠ ᠵᠢᠮᠡᠯᠡ᠂ ᠲᠡᠳᠡᠨ ᠦ ᠢᠲᠡᠭᠡᠯ ᠡᠷᠡᠭᠦᠯ ᠪᠠᠢᠭ᠂ 14 ᠲᠡᠳᠡ ᠶᠦᠳᠠᠢᠴᠤᠳ ᠤᠨ ᠵᠣᠬᠢᠶᠠᠮᠠᠯ ᠶᠠᠷᠢᠶ᠎ᠠ ᠪᠤᠶᠤ ᠦᠨᠡᠨ ᠢ ᠣᠷᠬᠢᠭᠴᠢᠳ ᠤᠨ ᠲᠤᠰᠢᠶᠠᠯ ᠤᠳ ᠢ ᠪᠦᠦ ᠣᠢᠰᠢᠶᠠᠭ᠃ 15 ᠴᠡᠪᠡᠷ ᠪᠠᠢᠭᠰᠠᠳ ᠲᠤ ᠬᠠᠮᠤᠭ ᠶᠠᠭᠤᠮ᠎ᠠ ᠴᠡᠪᠡᠷ᠂ ᠬᠠᠷᠢᠨ ᠪᠤᠵᠠᠷᠲᠤᠭᠰᠠᠨ ᠦᠯᠦ ᠢᠲᠡᠭᠡᠭᠴᠢᠳ ᠲᠤ ᠴᠡᠪᠡᠷ ᠶᠠᠭᠤᠮ᠎ᠠ ᠭᠡᠵᠦ ᠪᠠᠢᠳᠠᠭ ᠦᠭᠡᠢ᠂ ᠲᠡᠳᠡᠨ ᠦ ᠤᠬᠠᠭᠠᠨ ᠪᠠ ᠮᠥᠰᠥ ᠴᠢᠨᠠᠷ ᠪᠤᠵᠠᠷᠲᠤᠭᠰᠠᠨ ᠪᠠᠢᠳᠠᠭ᠃ 16 ᠲᠡᠳᠡ ᠪᠤᠷᠬᠠᠨ ᠢ ᠲᠠᠨᠢᠨ᠎ᠠ ᠭᠡᠵᠦ ᠥᠭᠦᠯᠡᠳᠡᠭ ᠬᠢᠷᠢ ᠨᠢ ᠦᠢᠯᠡᠰ ᠢᠶᠡᠷ ᠢᠶᠠᠨ ᠦᠭᠡᠶᠢᠰᠬᠡᠳᠡᠭ᠃ ᠲᠡᠳᠡ ᠵᠢᠭᠰᠢᠭᠦᠷᠢᠲᠡᠢ᠂ ᠳᠤᠭᠤᠯᠭᠠᠪᠤᠷᠢ ᠦᠭᠡᠢ ᠪᠥᠭᠡᠳ ᠠᠯᠢᠪᠠ ᠰᠠᠢᠨ ᠦᠢᠯᠡᠰ ᠲᠦ ᠲᠣᠬᠢᠷᠠᠬᠤ ᠦᠭᠡᠢ᠃