1 2 3


ᠲᠢᠲ ᠭᠤᠷᠪᠠ
 ᠰᠠᠢᠨ ᠦᠢᠯᠡᠰ ᠢ ᠪᠠᠷᠢᠮᠲᠠᠯᠠᠬᠤ

1 ᠴᠢ ᠲᠡᠳᠡᠨ ᠳᠦ ᠡᠳᠡᠭᠡᠷ ᠢ ᠰᠠᠨᠠᠭᠤᠯ᠃ ᠲᠡᠳᠡ ᠨᠣᠶᠠᠳ ᠪᠠ ᠡᠷᠬᠡ ᠮᠡᠳᠡᠯᠲᠡᠳ ᠲᠦ ᠵᠠᠬᠢᠷᠤᠭᠳᠠᠨ᠂ ᠳᠤᠭᠤᠯᠭᠠᠪᠤᠷᠢᠲᠠᠢ ᠪᠠᠢᠵᠤ᠂ ᠠᠯᠢᠪᠠ ᠰᠠᠢᠨ ᠢ ᠦᠢᠯᠡᠳᠬᠦ ᠳᠦ ᠪᠡᠯᠡᠬᠡᠨ ᠪᠥᠭᠡᠳ 2 ᠬᠥᠮᠦᠨ ᠢ ᠦᠯᠦ ᠭᠦᠳᠬᠡᠨ᠂ ᠬᠡᠷᠡᠭᠦᠯ ᠦᠭᠡᠢ ᠡᠶᠡᠯᠳᠡᠭ ᠪᠠᠢᠵᠤ᠂ ᠬᠥᠮᠦᠨ ᠪᠦᠬᠦᠨ ᠳᠦ ᠵᠢᠩᠬᠢᠨᠢ ᠳᠥᠯᠭᠡᠨ ᠳᠠᠷᠤᠤ ᠪᠠᠨ ᠬᠠᠷᠠᠭᠤᠯᠤᠭ᠃ 3 ᠪᠢᠳᠡ ᠴᠤ ᠤᠷᠢᠳᠤ ᠨᠢ ᠤᠬᠠᠭᠠᠷᠠᠯ ᠦᠭᠡᠢ᠂ ᠳᠤᠭᠤᠯᠭᠠᠪᠤᠷᠢ ᠦᠭᠡᠢ᠂ ᠡᠯᠳᠡᠪ ᠲᠠᠴᠢᠶᠠᠯ ᠪᠠ ᠲᠠᠭᠠᠰᠢᠶᠠᠯ ᠳᠤ ᠪᠠᠴᠢᠯᠠᠭᠳᠠᠨ ᠪᠣᠭᠣᠯᠴᠢᠯᠠᠭᠳᠠᠵᠤ᠂ ᠬᠣᠷᠣᠨ ᠰᠠᠨᠠᠭ᠎ᠠ ᠲᠠᠢ᠂ ᠬᠣᠣᠷ ᠰᠢᠷ᠎ᠠ ᠲᠠᠢ ᠪᠠᠷ ᠨᠢᠭᠡ ᠨᠢᠭᠡ ᠪᠡᠨ ᠵᠠᠨᠤᠵᠤ᠂ ᠵᠠᠨᠤᠭᠳᠠᠨ ᠠᠮᠢᠳᠤᠷᠠᠵᠤ ᠪᠠᠢᠭᠰᠠᠨ᠃ 4 ᠬᠠᠷᠢᠨ ᠪᠢᠳᠡᠨ ᠦ ᠠᠪᠤᠷᠠᠭᠴᠢ ᠪᠤᠷᠬᠠᠨ ᠤ ᠡᠨᠡᠷᠢᠯ ᠬᠢᠭᠡᠳ ᠬᠥᠮᠦᠨ ᠲᠥᠷᠥᠯᠬᠢᠲᠡᠨ ᠳᠦ ᠬᠠᠨᠳᠤᠭᠰᠠᠨ ᠬᠠᠢᠷ᠎ᠠ ᠢᠯᠡᠷᠡᠬᠦ ᠳᠦ᠂ 5 ᠪᠤᠷᠬᠠᠨ ᠪᠢᠳᠡᠨ ᠦ ᠬᠢᠭᠰᠡᠨ ᠵᠥᠪ ᠦᠢᠯᠡᠰ ᠢᠶᠡᠷ ᠪᠤᠰᠤ᠂ ᠬᠠᠷᠢᠨ ᠥᠪᠡᠷ ᠦᠨ ᠢᠶᠠᠨ ᠨᠢᠭᠦᠯᠡᠰᠦᠯ ᠦᠨ ᠳᠠᠭᠠᠤ᠂ ᠳᠠᠬᠢᠨ ᠲᠥᠷᠥᠯᠲᠡ ᠶᠢᠨ ᠤᠬᠢᠶᠠᠯ ᠬᠢᠭᠡᠳ ᠠᠷᠢᠭᠤᠨ ᠰᠦᠨᠡᠰᠦᠨ ᠦ ᠰᠢᠨᠡᠴᠢᠯᠡᠯ ᠢᠶᠡᠷ ᠪᠢᠳᠡᠨ ᠢ ᠠᠪᠤᠷᠠᠭᠰᠠᠨ ᠪᠥᠭᠡᠳ 6 ᠲᠡᠷᠡ ᠰᠦᠨᠡᠰᠦ ᠶᠢ ᠪᠢᠳᠡᠨ ᠦ ᠠᠪᠤᠷᠠᠭᠴᠢ ᠢᠰᠦ᠋ᠰ ᠾᠷᠢᠰᠲ᠋ᠣᠰ ᠢᠶᠠᠷ ᠳᠠᠮᠵᠢᠭᠤᠯᠤᠨ ᠪᠢᠳᠡᠨ ᠦ ᠳᠡᠭᠡᠷ᠎ᠡ ᠡᠯᠪᠡᠭ ᠴᠢᠳᠬᠤᠭᠰᠠᠨ ᠶᠤᠮ᠃ 7 ᠢᠩᠭᠢᠭᠰᠡᠨ ᠢᠶᠡᠷ ᠲᠡᠭᠦᠨ ᠦ ᠢᠪᠡᠭᠡᠯ ᠢᠶᠡᠷ ᠵᠥᠪᠲᠥᠭᠡᠭᠳᠡᠭᠰᠡᠨ ᠪᠢᠳᠡ ᠮᠥᠩᠬᠡ ᠠᠮᠢ ᠶᠢᠨ ᠨᠠᠢᠳᠠᠪᠤᠷᠢ ᠲᠠᠢ ᠪᠠᠷ ᠥᠪ ᠵᠠᠯᠭᠠᠮᠵᠢᠯᠠᠭᠴᠢ ᠪᠣᠯᠬᠤ ᠪᠣᠯᠣᠯ᠎ᠠ᠃ 8 ᠡᠳᠡᠭᠡᠷ ᠦᠭᠡ ᠨᠢ ᠢᠲᠡᠭᠡᠮᠵᠢᠲᠠᠢ᠃ ᠡᠳᠡᠭᠡᠷ ᠢ ᠪᠠᠲᠤᠲᠠᠢ ᠶᠠᠷᠢᠬᠤ ᠶᠢ ᠴᠢᠨᠢ ᠪᠢ ᠬᠦᠰᠡᠵᠦ ᠪᠠᠢᠨ᠎ᠠ᠃ ᠲᠡᠢᠨ ᠬᠦ ᠪᠤᠷᠬᠠᠨ ᠳᠤ ᠢᠲᠡᠭᠡᠭᠴᠢᠳ ᠪᠣᠯᠭᠣᠮᠵᠢᠲᠠᠢ ᠪᠠᠷ ᠰᠠᠢᠨ ᠦᠢᠯᠡᠰ ᠦᠨ ᠲᠥᠯᠥᠭᠡ ᠵᠢᠳᠬᠦᠭ᠃ ᠡᠳᠡᠭᠡᠷ ᠨᠢ ᠬᠥᠮᠦᠰ ᠲᠦ ᠰᠠᠢᠨ ᠪᠥᠭᠡᠳ ᠠᠰᠢᠭ ᠲᠠᠢ᠃
 ᠪᠤᠷᠤᠭᠤ ᠤᠷᠤᠰᠬᠠᠯ ᠠᠴᠠ ᠪᠣᠯᠭᠣᠮᠵᠢᠯᠠ

9 ᠬᠠᠷᠢᠨ ᠴᠢ ᠮᠤᠩ᠋ᠬᠠᠭ ᠮᠠᠷᠭᠤᠭᠠᠨ᠂ ᠭᠡᠷ ᠦᠨ ᠴᠠᠳᠢᠭ᠂ ᠬᠡᠷᠡᠭᠦᠯ ᠬᠢᠭᠡᠳ ᠬᠠᠤᠯᠢ ᠶᠢᠨ ᠲᠤᠬᠠᠢ ᠵᠢᠳᠬᠦᠯ ᠡᠴᠡ ᠵᠠᠢᠯᠠ᠃ ᠡᠳᠡᠭᠡᠷ ᠨᠢ ᠠᠰᠢᠭ ᠦᠭᠡᠢ᠂ ᠳᠡᠮᠡᠢ ᠶᠤᠮ᠃ 10 ᠬᠠᠭᠠᠷᠠᠯ ᠭᠠᠷᠭᠠᠭᠴᠢ 1 ᠬᠥᠮᠦᠨ ᠢ ᠨᠢᠭᠡ ᠬᠣᠶᠠᠷ ᠤᠳᠠᠭ᠎ᠠ ᠰᠡᠷᠡᠮᠵᠢᠯᠡᠭᠦᠯᠦᠭᠰᠡᠨ ᠦ ᠳᠠᠷᠠᠭ᠎ᠠ᠂ ᠲᠡᠭᠦᠨ ᠲᠡᠢ ᠬᠠᠷᠢᠴᠠᠬᠤ ᠪᠠᠨ ᠪᠣᠯᠢ᠃ 11 ᠲᠡᠢᠮᠦ ᠬᠥᠮᠦᠨ ᠤᠷᠤᠭᠤ ᠲᠠᠲᠠᠭᠳᠠᠭᠰᠠᠨ᠂ ᠲᠡᠷᠡ ᠥᠪᠡᠷ ᠢ ᠪᠠᠨ ᠪᠤᠷᠤᠭᠤᠳᠬᠠᠳᠠᠭ ᠴᠤ ᠨᠢᠭᠦᠯ ᠦᠢᠯᠡᠳᠦᠭᠰᠡᠭᠡᠷ ᠪᠠᠢᠳᠠᠭ᠃

12 ᠪᠢ ᠲᠠᠨ ᠤ ᠲᠡᠨᠳᠡ ᠠᠷᠲ᠋ᠧᠮᠠ᠂ ᠡᠰᠡᠪᠡᠯ ᠲᠦᠬᠢᠺ ᠢ ᠢᠯᠡᠭᠡᠬᠦ ᠭᠡᠵᠦ ᠪᠠᠢᠨ᠎ᠠ᠂ ᠲᠡᠳᠡ ᠬᠦᠷᠦᠮᠡᠭᠴᠡ ᠴᠢ ᠨᠠᠳᠠ ᠤᠷᠤᠭᠤ ᠨᠢᠺᠣᠫᠣᠯᠢ ᠳᠤ ᠢᠷᠡᠬᠦ ᠶᠢ ᠬᠢᠴᠢᠶᠡ᠃ ᠪᠢ ᠲᠡᠨᠳᠡ ᠡᠪᠦᠯᠵᠢᠬᠦ ᠪᠡᠷ ᠲᠣᠭᠲᠠᠭᠰᠠᠨ ᠶᠤᠮ᠃ 13 ᠬᠠᠤᠯᠢᠴᠢ ᠽᠧᠨᠠ ᠬᠢᠭᠡᠳ ᠠᠫᠣᠯᠣ᠋ ᠶᠢᠨ ᠠᠶᠠᠯᠠᠯ ᠢ ᠬᠢᠴᠢᠶᠡᠩᠭᠦᠢᠯᠡᠨ ᠲᠤᠰᠠᠯᠠ᠃ ᠲᠡᠳᠡᠨ ᠢ ᠶᠠᠭᠤ ᠪᠠᠷ ᠴᠤ ᠪᠦᠦ ᠳᠤᠲᠠᠭᠳᠠᠭᠤᠯ᠃ 14 ᠮᠠᠨ ᠤ ᠬᠢᠨ ᠴᠤ ᠦᠷ᠎ᠡ ᠵᠢᠮᠢᠰ ᠦᠭᠡᠢ ᠪᠠᠢᠵᠤ ᠪᠣᠯᠬᠤ ᠦᠭᠡᠢ᠂ ᠰᠠᠢᠨ ᠦᠢᠯᠡᠰ ᠲᠦ ᠵᠢᠳᠬᠦᠵᠦ᠂ ᠵᠠᠢᠯᠠᠰᠢ ᠦᠭᠡᠢ ᠬᠡᠷᠡᠭᠴᠡᠭᠡ ᠶᠢ ᠬᠠᠩ᠋ᠭᠠᠵᠤ ᠰᠤᠷᠬᠤ ᠤᠴᠢᠷᠲᠠᠢ᠃

15 ᠨᠠᠳᠠ ᠲᠠᠢ ᠬᠠᠮᠲᠤ ᠪᠠᠢᠭ᠎ᠠ ᠬᠥᠮᠦᠨ ᠪᠦᠬᠦᠨ ᠴᠢᠮ᠎ᠠ ᠳᠤ ᠮᠡᠨᠳᠦ ᠬᠦᠷᠭᠡᠵᠦ ᠪᠠᠢᠨ᠎ᠠ᠂ ᠴᠢ ᠴᠤ ᠢᠲᠡᠭᠡᠯ ᠦᠨ ᠳᠣᠲᠣᠷ᠎ᠠ ᠪᠢᠳᠡᠨ ᠢ ᠬᠠᠢᠷᠠᠯᠠᠳᠠᠭ ᠬᠥᠮᠦᠰ ᠲᠦ ᠮᠡᠨᠳᠦ ᠬᠦᠷᠭᠡᠭᠡᠷᠡᠢ᠃ ᠢᠪᠡᠭᠡᠯ ᠲᠠ ᠪᠦᠬᠦᠨ ᠲᠡᠢ ᠬᠠᠮᠲᠤ ᠪᠠᠢᠬᠤ ᠪᠣᠯᠲᠤᠭᠠᠢ᠃