1


ᠭᠤᠷᠪᠠᠳᠤᠭᠠᠷ ᠶᠣᠬᠠᠨ

1 ᠠᠬᠠᠯᠠᠭᠴᠢ ᠪᠢ ᠬᠠᠢᠷᠠᠲᠤ ᠭᠠᠢᠶᠣ᠋ ᠳᠠᠭᠠᠨ᠄ ᠪᠢ ᠴᠢᠮ᠎ᠠ ᠳᠤ ᠦᠨᠡᠨ ᠦ ᠳᠣᠲᠣᠷ᠎ᠠ ᠬᠠᠢᠷᠠᠲᠠᠢ᠃

2 ᠬᠠᠢᠷᠠᠲᠤ ᠮᠢᠨᠢ᠂ ᠰᠦᠨᠡᠰᠦ ᠴᠢᠨᠢ ᠪᠠᠳᠠᠷᠠᠵᠤ ᠪᠠᠢᠭ᠎ᠠ ᠶᠢᠨ ᠠᠳᠠᠯᠢ᠂ ᠪᠦᠬᠦ ᠲᠠᠯ᠎ᠠ ᠪᠠᠷ ᠪᠠᠳᠠᠷᠠᠵᠤ᠂ ᠡᠷᠡᠭᠦᠯ ᠮᠡᠨᠳᠦ ᠪᠠᠢᠬᠤ ᠶᠢ ᠴᠢᠨᠢ ᠪᠢ ᠳᠠᠭᠠᠳᠬᠠᠳᠠᠭ᠃ 3 ᠠᠬ᠎ᠠ ᠳᠡᠭᠦᠦ ᠨᠠᠷ ᠢᠷᠡᠵᠦ ᠴᠢᠨᠦ ᠦᠨᠡᠨᠴᠢ ᠪᠠᠢᠳᠠᠭ ᠤᠨ ᠲᠤᠬᠠᠢ᠂ ᠦᠨᠡᠨ ᠢ ᠳᠠᠭᠠᠵᠤ ᠶᠠᠪᠤᠭ᠎ᠠ ᠶᠢ ᠴᠢᠨᠢ ᠭᠡᠷᠡᠴᠢᠯᠡᠭᠰᠡᠨ ᠳᠦ ᠪᠢ ᠮᠠᠰᠢᠳᠠ ᠪᠠᠶᠠᠷᠯᠠᠪᠠ᠃ 4 ᠬᠡᠦᠬᠡᠳ ᠤᠳ ᠤᠨ ᠢᠶᠠᠨ ᠦᠨᠡᠨ ᠢ ᠳᠠᠭᠠᠵᠤ ᠶᠠᠪᠤᠭ᠎ᠠ ᠶᠢ ᠰᠣᠨᠣᠰᠬᠤ ᠠᠴᠠ ᠢᠯᠡᠭᠦᠦ ᠪᠠᠶᠠᠰᠤᠯ ᠨᠠᠳᠠ ᠳᠤ ᠪᠠᠢᠬᠤ ᠦᠭᠡᠢ᠃
 ᠪᠠᠶᠠᠷ ᠤᠨ ᠮᠡᠳᠡᠭᠡᠴᠢᠳ ᠢ ᠬᠦᠯᠢᠶᠡᠨ ᠠᠪ᠂ ᠲᠤᠰᠠᠯᠠ

5 ᠬᠠᠢᠷᠠᠲᠤ ᠮᠢᠨᠢ᠂ ᠴᠢ ᠠᠬ᠎ᠠ ᠳᠡᠭᠦᠦ ᠨᠠᠷ ᠤᠨ ᠲᠥᠯᠥᠭᠡ᠂ ᠢᠯᠠᠩ᠋ᠭᠤᠶ᠎ᠠ ᠭᠠᠳᠠᠨ᠎ᠠ ᠶᠢᠨ ᠬᠥᠮᠦᠰ ᠦᠨ ᠲᠥᠯᠥᠭᠡ᠂ ᠶᠠᠭᠤ ᠶᠢ ᠴᠤ ᠦᠨᠡᠨᠴᠢ ᠪᠠᠷ ᠬᠢᠵᠦ ᠪᠠᠢᠭ᠎ᠠ ᠶᠤᠮ ᠪᠠᠢᠨ᠎ᠠ᠃ 6 ᠴᠢᠨᠦ ᠬᠠᠢᠷ᠎ᠠ ᠶᠢᠨ ᠲᠤᠬᠠᠢ ᠲᠡᠳᠡ ᠴᠢᠭᠤᠯᠭᠠᠨ ᠤ ᠡᠮᠦᠨ᠎ᠡ ᠭᠡᠷᠡᠴᠢᠯᠡᠭᠰᠡᠨ᠃ ᠪᠤᠷᠬᠠᠨ ᠳᠤ ᠲᠠᠭᠠᠯᠠᠭᠳᠠᠬᠤ ᠶᠣᠰᠣᠭᠠᠷ ᠴᠢ ᠲᠡᠳᠡᠨ ᠢ ᠲᠤᠰᠠᠯᠠᠵᠤ ᠮᠣᠷᠳᠠᠭᠤᠯᠪᠠᠯ ᠰᠠᠢᠨ᠃ 7 ᠲᠡᠳᠡ ᠬᠠᠷᠢᠴᠤᠳ ᠠᠴᠠ ᠶᠠᠭᠤ ᠴᠤ ᠠᠪᠤᠯ ᠦᠭᠡᠢ᠂ ᠡᠵᠡᠨ ᠦ ᠨᠡᠷ᠎ᠡ ᠶᠢᠨ ᠲᠥᠯᠥᠭᠡ ᠶᠠᠪᠤᠵᠠᠭᠠᠭᠰᠠᠨ ᠪᠢᠯᠡ᠃ 8 ᠲᠡᠢᠮᠦ ᠡᠴᠡ ᠲᠡᠳᠡᠭᠡᠷ ᠬᠥᠮᠦᠨ ᠢ ᠪᠢᠳᠡ ᠳᠡᠮᠵᠢᠬᠦ ᠶᠣᠰᠣᠲᠠᠢ᠃ ᠢᠩᠭᠢᠭᠰᠡᠨ ᠢᠶᠡᠷ ᠪᠢᠳᠡ ᠦᠨᠡᠨ ᠦ ᠲᠥᠯᠥᠭᠡ ᠬᠠᠮᠲᠤᠷᠠᠨ ᠠᠵᠢᠯᠯᠠᠭᠴᠢ ᠪᠣᠯᠳᠠᠭ ᠪᠢᠯᠡ᠃

9 ᠪᠢ ᠴᠢᠨᠦ ᠴᠢᠭᠤᠯᠭᠠᠨ ᠳᠤ ᠵᠠᠬᠢᠶ᠎ᠠ ᠪᠢᠴᠢᠭᠰᠡᠨ᠂ ᠬᠠᠷᠢᠨ ᠲᠡᠷᠢᠭᠦᠨ ᠪᠣᠯᠬᠤ ᠳᠤᠷᠠᠲᠠᠢ ᠳ᠋ᠢᠶᠣᠲ᠋ᠷᠧᠹᠧ ᠪᠢᠳᠡᠨ ᠦ ᠦᠭᠡ ᠶᠢ ᠬᠦᠯᠢᠶᠡᠨ ᠠᠪᠬᠤ ᠦᠭᠡᠢ ᠪᠠᠢᠨ᠎ᠠ᠃ 10 ᠲᠡᠢᠮᠦ ᠡᠴᠡ ᠪᠢ ᠣᠴᠢᠪᠠᠯ ᠲᠡᠭᠦᠨ ᠦ ᠬᠢᠵᠦ ᠪᠠᠢᠭ᠎ᠠ ᠦᠢᠯᠡ ᠶᠢ ᠰᠠᠨᠠᠭᠤᠯᠤᠨ᠎ᠠ᠃ ᠲᠡᠷᠡ ᠪᠢᠳᠡᠨ ᠢ ᠮᠠᠭᠤᠬᠠᠢ ᠪᠠᠷ ᠬᠣᠪᠯᠠᠵᠤ ᠪᠠᠢᠬᠤ ᠪᠠᠷ ᠪᠠᠷᠠᠬᠤ ᠦᠭᠡᠢ᠂ ᠠᠬ᠎ᠠ ᠳᠡᠭᠦᠦ ᠨᠠᠷ ᠢᠶᠠᠨ ᠬᠦᠯᠢᠶᠡᠨ ᠠᠪᠳᠠᠭ ᠦᠭᠡᠢ᠂ ᠬᠦᠯᠢᠶᠡᠨ ᠠᠪᠬᠤ ᠭᠡᠰᠡᠨ ᠬᠥᠮᠦᠰ ᠢ ᠴᠤ ᠬᠣᠷᠢᠭᠯᠠᠨ ᠴᠢᠭᠤᠯᠭᠠᠨ ᠠᠴᠠ ᠬᠥᠭᠡᠭᠡᠵᠦ ᠪᠠᠢᠨ᠎ᠠ᠃

11 ᠬᠠᠢᠷᠠᠲᠤ ᠮᠢᠨᠢ᠂ ᠮᠠᠭᠤ ᠶᠢ ᠪᠢᠰᠢ᠂ ᠬᠠᠷᠢᠨ ᠰᠠᠢᠨ ᠢ ᠳᠠᠭᠤᠷᠢᠶᠠ᠃ ᠰᠠᠢᠨ ᠢ ᠦᠢᠯᠡᠳᠦᠭᠴᠢ ᠨᠢ ᠪᠤᠷᠬᠠᠨ ᠤ ᠬᠢ ᠪᠣᠯᠪᠠᠴᠤ ᠮᠠᠭᠤ ᠶᠢ ᠦᠢᠯᠡᠳᠦᠭᠴᠢ ᠨᠢ ᠪᠤᠷᠬᠠᠨ ᠢ ᠣᠯᠵᠤ ᠦᠵᠡᠭᠡ ᠦᠭᠡᠢ᠃ 12 ᠳ᠋ᠧᠮᠧᠲ᠋ᠷᠢ ᠬᠠᠮᠤᠭ ᠬᠥᠮᠦᠨ ᠳᠦ ᠴᠤ᠂ ᠦᠨᠡᠨ ᠳᠦ ᠴᠤ ᠰᠠᠢᠰᠢᠶᠠᠭᠳᠠᠵᠤ ᠪᠠᠢᠨ᠎ᠠ᠂ ᠪᠢᠳᠡ ᠴᠤ ᠲᠡᠭᠦᠨ ᠢ ᠰᠠᠢᠰᠢᠶᠠᠳᠠᠭ ᠪᠥᠭᠡᠳ ᠪᠢᠳᠡᠨ ᠦ ᠰᠠᠢᠰᠢᠶᠠᠯ ᠦᠨᠡᠨ ᠭᠡᠳᠡᠭ ᠢ ᠴᠢ ᠮᠡᠳᠡᠨ᠎ᠡ᠃

13 ᠴᠢᠮ᠎ᠠ ᠳᠤ ᠪᠢᠴᠢᠬᠦ ᠦᠭᠡ ᠣᠯᠠᠨ ᠪᠠᠢᠪᠠᠴᠤ ᠦᠵᠦᠭ ᠪᠡᠬᠡ ᠵᠠᠷᠤᠴᠠᠭᠤᠯᠬᠤ ᠰᠠᠨᠠᠭ᠎ᠠ ᠦᠭᠡᠢ᠂ 14 ᠴᠢᠮ᠎ᠠ ᠲᠠᠢ ᠲᠦᠷᠭᠡᠬᠡᠨ ᠠᠭᠤᠯᠵᠠᠬᠤ ᠶᠢ ᠬᠦᠰᠡᠵᠦ ᠪᠠᠢᠨ᠎ᠠ᠃ ᠲᠡᠭᠡᠭᠡᠳ ᠪᠢᠳᠡ ᠨᠢᠭᠤᠷᠲᠠᠨ ᠶᠠᠷᠢᠯᠴᠠᠶ᠎ᠠ᠃

15 ᠠᠮᠤᠷ ᠠᠮᠤᠭᠤᠯᠠᠩ ᠴᠢᠮ᠎ᠠ ᠳᠤ ᠪᠠᠢᠬᠤ ᠪᠣᠯᠲᠤᠭᠠᠢ᠃ ᠠᠨᠳᠠ ᠨᠥᠬᠥᠳ ᠴᠢᠨᠢ ᠴᠢᠮ᠎ᠠ ᠳᠤ ᠮᠡᠨᠳᠦ ᠬᠦᠷᠭᠡᠵᠦ ᠪᠠᠢᠨ᠎ᠠ᠃ ᠠᠨᠳᠠ ᠨᠥᠬᠥᠳ ᠦᠨ ᠨᠡᠷ᠎ᠡ ᠨᠡᠷ᠎ᠡ ᠪᠡᠷ ᠨᠢ ᠮᠡᠨᠳᠦ ᠳᠠᠮᠵᠢᠭᠤᠯᠤᠭᠠᠷᠠᠢ᠃