1 2 3 4 5


ᠨᠢᠭᠡᠳᠦᠭᠡᠷ ᠶᠣᠬᠠᠨ ᠨᠢᠭᠡ
 ᠠᠮᠢ ᠶᠢᠨ ᠦᠭᠡ

1 ᠪᠢᠳᠡ ᠡᠬᠢᠨ ᠡᠴᠡ ᠪᠡᠨ ᠪᠠᠢᠭᠰᠠᠨ ᠠᠮᠢ ᠶᠢᠨ ᠦᠭᠡ ᠶᠢᠨ ᠲᠤᠬᠠᠢ ᠰᠣᠨᠣᠰᠴᠤ᠂ ᠨᠢᠳᠦ ᠪᠡᠷ ᠢᠶᠠᠨ ᠦᠵᠡᠵᠦ᠂ ᠠᠵᠢᠭᠯᠠᠵᠤ᠂ ᠭᠠᠷ ᠢᠶᠠᠷ ᠢᠶᠠᠨ ᠲᠡᠮᠲᠡᠷᠢᠭᠰᠡᠨ ᠢᠶᠡᠨ ᠲᠠ ᠨᠠᠷ ᠲᠤ ᠳᠠᠮᠵᠢᠭᠤᠯᠤᠶ᠎ᠠ᠃ 2 ᠲᠡᠷᠡ ᠬᠦ ᠠᠮᠢ ᠢᠯᠡᠷᠡᠭᠰᠡᠨ᠃ ᠪᠢᠳᠡ ᠲᠡᠭᠦᠨ ᠢ ᠦᠵᠡᠭᠰᠡᠨ ᠪᠣᠯᠬᠣᠷ ᠲᠡᠷᠡ ᠮᠥᠩᠬᠡ ᠠᠮᠢ ᠶᠢ ᠲᠠ ᠨᠠᠷ ᠲᠤ ᠭᠡᠷᠡᠴᠢᠯᠡᠨ ᠳᠠᠮᠵᠢᠭᠤᠯᠵᠤ ᠪᠠᠢᠨ᠎ᠠ᠃ ᠲᠡᠷᠡ ᠠᠮᠢ ᠡᠴᠢᠭᠡ ᠲᠠᠢ ᠬᠠᠮᠲᠤ ᠪᠠᠢᠭᠰᠠᠨ ᠪᠥᠭᠡᠳ ᠪᠢᠳᠡᠨ ᠳᠦ ᠢᠯᠡᠷᠬᠡᠶᠢᠯᠡᠭᠳᠡᠭᠰᠡᠨ ᠪᠢᠯᠡ᠃ 3 ᠪᠢᠳᠡ ᠦᠵᠡᠵᠦ ᠰᠣᠨᠣᠰᠣᠭᠰᠠᠨ ᠢᠶᠠᠨ ᠲᠠ ᠨᠠᠷ ᠲᠤ ᠳᠠᠮᠵᠢᠭᠤᠯᠵᠤ ᠪᠠᠢᠨ᠎ᠠ᠃ ᠢᠩᠭᠢᠭᠰᠡᠨ ᠢᠶᠡᠷ ᠲᠠ ᠨᠠᠷ ᠪᠠᠰᠠ ᠪᠢᠳᠡᠨ ᠲᠡᠢ ᠨᠥᠬᠥᠷᠯᠡᠬᠦ ᠪᠣᠯᠣᠨ᠎ᠠ᠃ ᠦᠨᠡᠨ ᠳᠡᠭᠡᠨ ᠪᠢᠳᠡ ᠡᠴᠢᠭᠡ ᠪᠠ ᠲᠡᠭᠦᠨ ᠦ ᠬᠦᠦ ᠢᠰᠦ᠋ᠰ ᠾᠷᠢᠰᠲ᠋ᠣᠰ ᠲᠠᠢ ᠨᠥᠬᠥᠷᠯᠡᠵᠦ ᠪᠠᠢᠨ᠎ᠠ᠃ 4 ᠪᠢᠳᠡ ᠪᠠᠶᠠᠰᠤᠯ ᠢᠶᠠᠨ ᠲᠡᠭᠦᠯᠳᠡᠷ ᠪᠣᠯᠭᠠᠶ᠎ᠠ ᠭᠡᠵᠦ ᠡᠳᠡᠭᠡᠷ ᠢ ᠪᠢᠴᠢᠵᠦ ᠪᠠᠢᠨ᠎ᠠ᠃
 ᠭᠡᠷᠡᠯ ᠦᠨ ᠳᠣᠲᠣᠷᠠᠬᠢ ᠠᠮᠢᠳᠤᠷᠠᠯ

5 ᠪᠢᠳᠡ ᠡᠵᠡᠨ ᠡᠴᠡ ᠰᠣᠨᠣᠰᠣᠭᠰᠠᠨ ᠮᠡᠳᠡᠭᠡ ᠶᠢ ᠲᠠ ᠨᠠᠷ ᠲᠤ ᠰᠣᠨᠣᠰᠬᠠᠶ᠎ᠠ᠂ ᠪᠤᠷᠬᠠᠨ ᠪᠣᠯ ᠭᠡᠷᠡᠯ᠂ ᠲᠡᠭᠦᠨ ᠦ ᠳᠣᠲᠣᠷ᠎ᠠ ᠬᠠᠷᠠᠩ᠋ᠭᠤᠢ ᠣᠭᠲᠣ ᠪᠠᠢᠬᠤ ᠦᠭᠡᠢ᠃ 6 ᠪᠢᠳᠡ ᠪᠤᠷᠬᠠᠨ ᠲᠠᠢ ᠨᠥᠬᠥᠷᠯᠡᠳᠡᠭ ᠭᠡᠰᠡᠨ ᠪᠠᠢᠲᠠᠯ᠎ᠠ ᠪᠠᠨ ᠬᠠᠷᠠᠩ᠋ᠭᠤᠢ ᠳᠣᠲᠣᠷ᠎ᠠ ᠶᠠᠪᠤᠳᠠᠭ ᠶᠤᠮ ᠪᠣᠯ ᠬᠤᠳᠠᠯ ᠬᠡᠯᠡᠵᠦ ᠦᠨᠡᠨ ᠢ ᠪᠡᠶᠡᠯᠡᠭᠦᠯᠬᠦ ᠦᠭᠡᠢ ᠪᠠᠢᠭ᠎ᠠ ᠶᠤᠮ᠃ 7 ᠬᠠᠷᠢᠨ ᠪᠤᠷᠬᠠᠨ ᠭᠡᠷᠡᠯ ᠦᠨ ᠳᠣᠲᠣᠷ᠎ᠠ ᠪᠠᠢᠳᠠᠭ ᠲᠠᠢ ᠠᠳᠠᠯᠢ᠂ ᠪᠢᠳᠡ ᠭᠡᠷᠡᠯ ᠦᠨ ᠳᠣᠲᠣᠷ᠎ᠠ ᠶᠠᠪᠤᠪᠠᠯ ᠨᠢᠭᠡ ᠨᠢᠭᠡᠨ ᠲᠡᠢ ᠪᠡᠨ ᠨᠥᠬᠥᠷᠯᠡᠨ᠂ ᠲᠡᠭᠦᠨ ᠦ ᠬᠦᠦ ᠢᠰᠦ᠋ᠰ ᠤᠨ ᠴᠢᠰᠤ ᠪᠢᠳᠡᠨ ᠢ ᠬᠠᠮᠤᠭ ᠨᠢᠭᠦᠯ 1  ᠡᠴᠡ ᠠᠷᠢᠭᠤᠳᠬᠠᠨ᠎ᠠ᠃
 ᠨᠢᠭᠦᠯ ᠢᠶᠡᠨ ᠢᠯᠡᠴᠢᠯᠡᠬᠦ

8 ᠬᠡᠷᠪᠡ ᠪᠢᠳᠡ ᠥᠪᠡᠷ ᠢ ᠪᠠᠨ ᠨᠢᠭᠦᠯ ᠦᠭᠡᠢ ᠭᠡᠵᠦ ᠬᠡᠯᠡᠪᠡᠯ ᠥᠪᠡᠷᠰᠡᠳ ᠢ ᠪᠠᠨ ᠮᠡᠬᠡᠯᠡᠵᠦ ᠪᠠᠢᠭ᠎ᠠ ᠪᠥᠭᠡᠳ ᠪᠢᠳᠡᠨ ᠦ ᠳᠣᠲᠣᠷ᠎ᠠ ᠦᠨᠡᠨ ᠠᠯᠠᠭ᠎ᠠ ᠭᠡᠰᠡᠨ ᠦᠭᠡ᠃ 9 ᠬᠡᠷᠪᠡ ᠪᠢᠳᠡ ᠨᠢᠭᠦᠯ ᠢᠶᠡᠨ ᠬᠦᠯᠢᠶᠡᠨ ᠵᠥᠪᠰᠢᠶᠡᠷᠡᠪᠡᠯ ᠢᠲᠡᠭᠡᠮᠵᠢᠲᠦ᠂ ᠵᠥᠪᠲᠦ ᠪᠤᠷᠬᠠᠨ ᠪᠢᠳᠡᠨ ᠦ ᠨᠢᠭᠦᠯ ᠢ ᠠᠭᠤᠴᠢᠯᠠᠵᠤ᠂ ᠠᠯᠢᠪᠠ ᠵᠥᠪ ᠪᠤᠰᠤ ᠪᠠᠢᠳᠠᠯ ᠠᠴᠠ ᠪᠢᠳᠡᠨ ᠢ ᠠᠷᠢᠭᠤᠳᠬᠠᠨ᠎ᠠ᠃ 10 ᠬᠡᠷᠪᠡ ᠪᠢᠳᠡ ᠨᠢᠭᠦᠯ ᠦᠢᠯᠡᠳᠦᠭᠡ ᠦᠭᠡᠢ ᠭᠡᠪᠡᠯ ᠪᠤᠷᠬᠠᠨ ᠢ ᠬᠤᠳᠠᠯᠴᠢ ᠪᠣᠯᠭᠠᠵᠤ ᠪᠠᠢᠭ᠎ᠠ ᠪᠥᠭᠡᠳ ᠲᠡᠭᠦᠨ ᠦ ᠦᠭᠡ ᠪᠢᠳᠡᠨ ᠦ ᠳᠣᠲᠣᠷ᠎ᠠ ᠠᠯᠠᠭ᠎ᠠ᠃