ᠨᠢᠭᠡᠳᠦᠭᠡᠷ ᠶᠣᠬᠠᠨ ᠭᠤᠷᠪᠠ
1 ᠶᠠᠭᠤᠲᠠᠢ ᠶᠡᠬᠡ ᠬᠠᠢᠷ᠎ᠠ ᠶᠢ ᠡᠴᠢᠭᠡ ᠪᠢᠳᠡᠨ ᠳᠦ ᠪᠢᠯᠬᠠᠭᠠᠭᠰᠠᠨ ᠢᠶᠠᠷ ᠪᠢᠳᠡ ᠪᠤᠷᠬᠠᠨ ᠤ ᠬᠡᠦᠬᠡᠳ ᠭᠡᠵᠦ ᠳᠠᠭᠤᠳᠠᠭᠤᠯᠬᠤ ᠪᠣᠯᠣᠭᠰᠠᠨ ᠢ ᠬᠠᠷᠠᠭᠠᠴᠢ᠂ ᠪᠢᠳᠡ ᠶᠠᠭ ᠲᠡᠢᠮᠦ ᠶᠤᠮ᠃ ᠶᠢᠷᠲᠢᠨᠴᠦ ᠲᠡᠭᠦᠨ ᠢ ᠲᠠᠨᠢᠳᠠᠭ ᠦᠭᠡᠢ ᠪᠣᠯᠬᠣᠷ ᠪᠢᠳᠡᠨ ᠢ ᠴᠤ ᠲᠠᠨᠢᠳᠠᠭ ᠦᠭᠡᠢ᠃ 2 ᠬᠠᠢᠷᠠᠲᠤ ᠨᠤᠭᠤᠳ ᠡ᠂ ᠡᠳᠦᠭᠡ ᠪᠢᠳᠡ ᠪᠤᠷᠬᠠᠨ ᠤ ᠬᠡᠦᠬᠡᠳ ᠤᠳ ᠪᠢᠯᠡ᠃ ᠬᠣᠵᠢᠮ ᠪᠢᠳᠡ ᠶᠠᠭᠤ ᠪᠣᠯᠬᠤ ᠨᠢ ᠬᠠᠷᠠᠬᠠᠨ ᠢᠯᠡᠷᠡᠭᠡ ᠦᠭᠡᠢ᠂ ᠬᠠᠷᠢᠨ ᠲᠡᠷᠡ ᠢᠯᠡᠷᠡᠬᠦ ᠦᠶ᠎ᠡ ᠳᠦ ᠲᠡᠭᠦᠨ ᠲᠡᠢ ᠠᠳᠠᠯᠢ ᠪᠣᠯᠣᠨ᠎ᠠ ᠭᠡᠳᠡᠭ ᠢᠶᠡᠨ ᠪᠢᠳᠡ ᠮᠡᠳᠡᠨ᠎ᠡ᠃ ᠤᠴᠢᠷ ᠨᠢ᠂ ᠪᠢᠳᠡ ᠲᠡᠭᠦᠨ ᠢ ᠶᠠᠭ ᠲᠡᠷᠡ ᠬᠡᠪ ᠢᠶᠡᠷ ᠨᠢ ᠬᠠᠷᠠᠬᠤ ᠪᠣᠯᠣᠨ᠎ᠠ᠃ 3 ᠲᠡᠭᠦᠨ ᠳᠦ ᠡᠢᠮᠦ ᠨᠠᠢᠳᠠᠯᠭ᠎ᠠ ᠲᠠᠢ ᠬᠥᠮᠦᠨ ᠪᠦᠬᠦᠨ ᠲᠡᠭᠦᠨ ᠤ ᠴᠡᠪᠡᠷ ᠪᠠᠢᠳᠠᠭ ᠤᠨ ᠠᠳᠠᠯᠢ ᠪᠠᠷ ᠥᠪᠡᠷ ᠢ ᠪᠠᠨ ᠴᠡᠪᠡᠷ ᠪᠠᠢᠯᠭᠠᠳᠠᠭ᠃
4 ᠨᠢᠭᠦᠯ ᠦᠢᠯᠡᠳᠦᠭᠴᠢ ᠪᠣᠯᠭᠠᠨ ᠬᠠᠤᠯᠢ ᠪᠤᠰᠤ ᠶᠠᠪᠤᠳᠠᠯ ᠢ ᠦᠢᠯᠡᠳᠴᠦ ᠪᠠᠢᠭ᠎ᠠ ᠶᠤᠮ᠂ ᠨᠢᠭᠦᠯ ᠪᠣᠯ ᠬᠠᠤᠯᠢ ᠪᠤᠰᠤ ᠶᠤᠮ᠃ 5 ᠬᠠᠷᠢᠨ ᠲᠡᠷᠡ ᠪᠢᠳᠡᠨ ᠦ ᠨᠢᠭᠦᠯ ᠢ ᠵᠠᠢᠯᠠᠭᠤᠯᠬᠤ ᠶᠢᠨ ᠲᠤᠯᠠᠳᠠ ᠢᠯᠡᠷᠡᠭᠰᠡᠨ ᠭᠡᠳᠡᠭ ᠢ ᠲᠠ ᠨᠠᠷ ᠮᠡᠳᠡᠨ᠎ᠡ᠃ ᠲᠡᠭᠦᠨ ᠳᠦ ᠨᠢᠭᠦᠯ ᠪᠠᠢᠳᠠᠭ ᠦᠭᠡᠢ᠃ 6 ᠲᠡᠭᠦᠨ ᠦ ᠳᠣᠲᠣᠷ᠎ᠠ ᠪᠠᠢᠭᠴᠢ ᠪᠦᠬᠦᠨ ᠨᠢᠭᠦᠯ ᠦᠢᠯᠡᠳᠦᠭᠡᠳ ᠪᠠᠢᠳᠠᠭ ᠦᠭᠡᠢ᠃ ᠨᠢᠭᠦᠯ ᠦᠢᠯᠡᠳᠦᠭᠡᠳ ᠪᠠᠢᠳᠠᠭ ᠪᠦᠬᠦᠨ ᠲᠡᠭᠦᠨ ᠢ ᠦᠵᠡᠭᠡ ᠴᠤ ᠦᠭᠡᠢ᠂ ᠲᠠᠨᠢᠭ᠎ᠠ ᠴᠤ ᠦᠭᠡᠢ᠃ 7 ᠬᠡᠦᠬᠡᠳ ᠤᠳ ᠡ᠂ ᠲᠠ ᠨᠠᠷ ᠢ ᠬᠡᠨ ᠴᠤ ᠪᠦᠦ ᠪᠠᠴᠢᠯᠠᠭ᠃ ᠾᠷᠢᠰᠲ᠋ᠣᠰ ᠵᠥᠪᠲᠦ ᠪᠠᠢᠳᠠᠭᠴᠢᠯᠠᠨ ᠵᠥᠪ ᠢ ᠦᠢᠯᠡᠳᠦᠭᠴᠢ ᠨᠢ ᠵᠥᠪᠲᠦ ᠪᠠᠢᠳᠠᠭ᠃ 8 ᠨᠢᠭᠦᠯ ᠦᠢᠯᠡᠳᠦᠭᠴᠢ ᠨᠢ ᠰᠠᠲ᠋ᠠᠨ ᠤ ᠬᠢ᠂ ᠰᠠᠲ᠋ᠠᠨ ᠠᠩ᠋ᠬᠠᠨ ᠠᠴᠠ ᠪᠠᠨ ᠨᠢᠭᠦᠯ ᠦᠢᠯᠡᠳᠦᠭᠰᠡᠭᠡᠷ ᠪᠠᠢᠨ᠎ᠠ᠃ ᠪᠤᠷᠬᠠᠨ ᠤ ᠬᠦᠦ ᠢᠯᠡᠷᠡᠭᠰᠡᠨ ᠨᠢ ᠰᠠᠲ᠋ᠠᠨ ᠤ ᠠᠵᠢᠯᠯᠠᠭ᠎ᠠ ᠶᠢ ᠤᠰᠠᠳᠬᠠᠬᠤ ᠶᠢᠨ ᠲᠤᠯᠠᠳᠠ ᠶᠤᠮ᠃ 9 ᠪᠤᠷᠬᠠᠨ ᠠᠴᠠ ᠲᠥᠷᠥᠭᠰᠡᠨ ᠪᠦᠬᠦᠨ ᠨᠢᠭᠦᠯ ᠦᠢᠯᠡᠳᠦᠭᠡᠳ ᠪᠠᠢᠳᠠᠭ ᠦᠭᠡᠢ᠃ ᠤᠴᠢᠷ ᠨᠢ᠂ ᠲᠡᠭᠦᠨ ᠦ ᠳᠣᠲᠣᠷ᠎ᠠ ᠪᠤᠷᠬᠠᠨ ᠤ ᠦᠷ᠎ᠡ ᠪᠤᠢ᠃ ᠲᠡᠷᠡ ᠬᠥᠮᠦᠨ ᠪᠤᠷᠬᠠᠨ ᠠᠴᠠ ᠲᠥᠷᠥᠭᠰᠡᠨ ᠲᠤᠯᠠ ᠨᠢᠭᠦᠯ ᠦᠢᠯᠡᠳᠦᠭᠡᠳ ᠪᠠᠢᠵᠤ ᠴᠢᠳᠠᠳᠠᠭ ᠦᠭᠡᠢ᠃ 10 ᠡᠭᠦᠨ ᠢᠶᠡᠷ ᠬᠡᠨ ᠨᠢ ᠪᠤᠷᠬᠠᠨ ᠤ ᠬᠡᠦᠬᠡᠳ᠂ ᠬᠡᠨ ᠨᠢ ᠰᠠᠲ᠋ᠠᠨ ᠤ ᠬᠡᠦᠬᠡᠳ ᠪᠣᠯᠬᠤ ᠨᠢ ᠲᠣᠳᠣᠷᠬᠠᠢᠯᠠᠭᠳᠠᠨᠠ᠃ ᠵᠥᠪ ᠢ ᠦᠯᠦ ᠦᠢᠯᠡᠳᠦᠭᠴᠢ ᠪᠣᠯᠭᠠᠨ᠂ ᠠᠬ᠎ᠠ ᠳᠡᠭᠦᠦ ᠪᠡᠨ ᠦᠯᠦ ᠬᠠᠢᠷᠠᠯᠠᠭᠴᠢ ᠪᠣᠯᠭᠠᠨ ᠪᠤᠷᠬᠠᠨ ᠤ ᠬᠢ ᠪᠢᠰᠢ᠃
ᠦᠢᠯᠡ ᠶᠠᠪᠤᠳᠠᠯ ᠪᠠ ᠦᠨᠡᠨ ᠢᠶᠡᠷ ᠬᠠᠢᠷᠠᠯᠠ
11 ᠨᠢᠭᠡ ᠨᠢᠭᠡ ᠪᠡᠨ ᠬᠠᠢᠷᠠᠯᠠᠬᠤ ᠶᠣᠰᠣᠲᠠᠢ ᠭᠡᠳᠡᠭ ᠨᠢ ᠲᠠ ᠨᠠᠷ ᠤᠨ ᠠᠩ᠋ᠬᠠᠨ ᠠᠴᠠ ᠪᠠᠨ ᠰᠣᠨᠣᠰᠣᠭᠰᠠᠨ ᠮᠡᠳᠡᠭᠡ ᠪᠢᠯᠡ᠃ 12 ᠪᠢᠲᠡᠭᠡᠢ ᠺᠠᠢᠨ ᠰᠢᠭ᠋ ᠪᠣᠯ᠃ ᠲᠡᠷᠡ ᠪᠣᠯ ᠮᠠᠭᠤ ᠨᠢᠭᠡᠨ ᠦ ᠬᠢ ᠪᠠᠢᠭᠰᠠᠨ᠂ ᠲᠡᠭᠡᠭᠡᠳ ᠳᠡᠭᠦᠦ ᠪᠡᠨ ᠠᠯᠠᠭᠰᠠᠨ ᠶᠤᠮ᠃ ᠶᠠᠭᠤᠨ ᠳᠤ ᠲᠡᠭᠦᠨ ᠢ ᠠᠯᠠᠪᠠ︖ ᠥᠪᠡᠷ ᠦᠨ ᠬᠢᠨᠢ ᠦᠢᠯᠡ ᠶᠠᠪᠤᠳᠠᠯ ᠮᠠᠭᠤ᠂ ᠳᠡᠭᠦᠦ ᠶᠢᠨ ᠬᠢᠨᠢ ᠦᠢᠯᠡ ᠶᠠᠪᠤᠳᠠᠯ ᠵᠥᠪ ᠪᠠᠢᠭᠰᠠᠨ ᠠᠵᠢ᠃ 13 ᠠᠬ᠎ᠠ ᠳᠡᠭᠦᠦ ᠨᠠᠷ ᠡ᠂ ᠶᠢᠷᠲᠢᠨᠴᠦ ᠲᠠ ᠨᠠᠷ ᠲᠤ ᠬᠣᠷᠣᠰᠪᠠᠯ ᠪᠦᠦ ᠭᠠᠢᠬ᠎ᠠ᠃ 14 ᠪᠢᠳᠡ ᠠᠬ᠎ᠠ ᠳᠡᠭᠦᠦ ᠨᠠᠷ ᠢᠶᠠᠨ ᠬᠠᠢᠷᠠᠯᠠᠳᠠᠭ ᠤᠴᠢᠷ ᠠᠴᠠ ᠦᠬᠦᠯ ᠡᠴᠡ ᠠᠮᠢ ᠤᠷᠤᠭᠤ ᠰᠢᠯᠵᠢᠭᠰᠡᠨ ᠢᠶᠡᠨ ᠮᠡᠳᠡᠨ᠎ᠡ᠃ ᠬᠠᠢᠷᠠᠯᠠᠳᠠᠭ ᠦᠭᠡᠢ ᠨᠢ ᠦᠬᠦᠯ ᠦᠨ ᠳᠣᠲᠣᠷ᠎ᠠ ᠪᠠᠢᠨ᠎ᠠ᠃ 15 ᠠᠬ᠎ᠠ ᠳᠡᠭᠦᠦ ᠪᠡᠨ ᠬᠣᠷᠣᠰᠣᠭᠴᠢ ᠪᠦᠬᠦᠨ ᠶᠠᠷᠭᠠᠴᠢᠨ ᠮᠥᠨ᠃ ᠶᠠᠷᠭᠠᠴᠢᠨ ᠤ ᠳᠣᠲᠣᠷ᠎ᠠ ᠮᠥᠩᠬᠡ ᠠᠮᠢ ᠪᠠᠢᠳᠠᠭ ᠦᠭᠡᠢ ᠶᠢ ᠲᠠ ᠨᠠᠷ ᠮᠡᠳᠡᠨ᠎ᠡ᠃ 16 ᠪᠢᠳᠡᠨ ᠦ ᠲᠥᠯᠥᠭᠡ ᠲᠡᠷᠡ ᠠᠮᠢ ᠪᠠᠨ ᠵᠣᠷᠢᠭᠤᠯᠤᠭᠰᠠᠨ᠂ ᠡᠭᠦᠨ ᠢᠶᠡᠷ ᠪᠢᠳᠡ ᠬᠠᠢᠷ᠎ᠠ ᠶᠢ ᠮᠡᠳᠡᠯ᠎ᠡ᠃ ᠪᠢᠳᠡ ᠴᠤ ᠠᠬ᠎ᠠ ᠳᠡᠭᠦᠦ ᠨᠠᠷ ᠤᠨ ᠢᠶᠠᠨ ᠲᠥᠯᠥᠭᠡ ᠠᠮᠢ ᠪᠠᠨ ᠵᠣᠷᠢᠭᠤᠯᠬᠤ ᠶᠣᠰᠣᠲᠠᠢ᠃ 17 ᠡᠨᠡ ᠶᠢᠷᠲᠢᠨᠴᠦ ᠶᠢᠨ ᠡᠳ᠋ ᠬᠥᠷᠥᠩᠭᠡ ᠲᠠᠢ ᠬᠥᠮᠦᠨ ᠠᠬ᠎ᠠ ᠳᠡᠭᠦᠦ ᠶᠢᠨ ᠢᠶᠠᠨ ᠭᠠᠴᠢᠭᠳᠠᠯ ᠢ ᠬᠠᠷᠠᠭᠠᠳ ᠥᠷᠥᠪᠳᠥᠬᠦ ᠦᠭᠡᠢ ᠪᠣᠯ ᠲᠡᠭᠦᠨ ᠦ ᠳᠣᠲᠣᠷ᠎ᠠ ᠶᠠᠭᠠᠬᠢᠨ ᠪᠤᠷᠬᠠᠨ ᠤ ᠬᠠᠢᠷ᠎ᠠ ᠪᠠᠢᠬᠤ ᠪᠢᠯᠡ᠃
18 ᠬᠡᠦᠬᠡᠳ ᠤᠳ ᠡ᠂ ᠪᠢᠳᠡ ᠦᠭᠡ ᠬᠡᠯᠡ ᠪᠡᠷ ᠯᠠ ᠪᠤᠰᠤ᠂ ᠬᠠᠷᠢᠨ ᠦᠢᠯᠡ ᠶᠠᠪᠤᠳᠠᠯ ᠪᠠ ᠦᠨᠡᠨ ᠢᠶᠡᠷ ᠬᠠᠢᠷᠠᠯᠠᠵᠠᠭᠠᠶᠠ᠃ 19 ᠡᠭᠦᠨ ᠢᠶᠡᠷ ᠪᠢᠳᠡ ᠦᠨᠡᠨ ᠦ ᠬᠢ ᠭᠡᠳᠡᠭ ᠢᠶᠡᠨ ᠮᠡᠳᠡᠵᠦ᠂ ᠪᠢᠳᠡᠨ ᠦ ᠰᠡᠳᠬᠢᠯ ᠪᠢᠳᠡᠨ ᠢ ᠪᠤᠷᠤᠭᠤᠳᠬᠠᠬᠤ ᠳᠤ ᠴᠤ ᠪᠤᠷᠬᠠᠨ ᠤ ᠡᠮᠦᠨ᠎ᠡ ᠵᠢᠷᠦᠬᠡ ᠰᠡᠳᠬᠢᠯ ᠲᠠᠢᠪᠤᠭᠤ ᠪᠠᠢᠬᠤ ᠪᠣᠯᠣᠨ᠎ᠠ᠃ 20 ᠤᠴᠢᠷ ᠨᠢ᠂ ᠪᠤᠷᠬᠠᠨ ᠪᠢᠳᠡᠨ ᠦ ᠰᠡᠳᠬᠢᠯ ᠡᠴᠡ ᠠᠭᠤᠤ᠂ ᠬᠠᠮᠤᠭ ᠢ ᠮᠡᠳᠡᠳᠡᠭ᠃ 21 ᠬᠠᠢᠷᠠᠲᠤ ᠨᠤᠭᠤᠳ ᠡ᠂ ᠬᠡᠷᠪᠡ ᠰᠡᠳᠬᠢᠯ ᠮᠠᠨᠢ ᠪᠢᠳᠡᠨ ᠢ ᠪᠤᠷᠤᠭᠤᠳᠬᠠᠬᠤ ᠦᠭᠡᠢ ᠪᠣᠯ ᠪᠢᠳᠡ ᠪᠤᠷᠬᠠᠨ ᠤ ᠡᠮᠦᠨ᠎ᠡ ᠵᠣᠷᠢᠭᠲᠠᠢ ᠪᠠᠢᠵᠤ᠂ 22 ᠭᠤᠶᠤᠭᠰᠠᠨ ᠪᠣᠯᠭᠠᠨ ᠢᠶᠠᠨ ᠲᠡᠭᠦᠨ ᠡᠴᠡ ᠬᠦᠷᠲᠡᠳᠡᠭ᠃ ᠤᠴᠢᠷ ᠨᠢ᠂ ᠪᠢᠳᠡ ᠲᠡᠭᠦᠨ ᠦ ᠵᠠᠷᠯᠢᠭ ᠤᠳ ᠢ ᠰᠠᠬᠢᠵᠤ᠂ ᠲᠡᠭᠦᠨ ᠳᠦ ᠲᠠᠭᠠᠯᠠᠮᠵᠢᠲᠠᠢ ᠵᠦᠢᠯᠡᠰ ᠢ ᠦᠢᠯᠡᠳᠳᠡᠭ ᠪᠢᠯᠡ᠃ 23 ᠲᠡᠭᠦᠨ ᠦ ᠬᠦᠦ ᠢᠰᠦ᠋ᠰ ᠾᠷᠢᠰᠲ᠋ᠣᠰ ᠤᠨ ᠨᠡᠷ᠎ᠡ ᠳᠦ ᠢᠲᠡᠭᠡᠵᠦ᠂ ᠾᠷᠢᠰᠲ᠋ᠣᠰ ᠤᠨ ᠪᠢᠳᠡᠨ ᠳᠦ ᠵᠠᠬᠢᠭᠰᠠᠨ ᠶᠣᠰᠣᠭᠠᠷ ᠨᠢᠭᠡ ᠨᠢᠭᠡ ᠪᠡᠨ ᠬᠠᠢᠷᠠᠯᠠᠬᠤ ᠨᠢ ᠪᠤᠷᠬᠠᠨ ᠤ ᠵᠠᠷᠯᠢᠭ ᠮᠥᠨ᠃ 24 ᠪᠤᠷᠬᠠᠨ ᠤ ᠵᠠᠷᠯᠢᠭ ᠤᠳ ᠢ ᠰᠠᠬᠢᠭᠴᠢ ᠨᠢ ᠪᠤᠷᠬᠠᠨ ᠤ ᠳᠣᠲᠣᠷ᠎ᠠ ᠪᠠᠢᠳᠠᠭ ᠪᠥᠭᠡᠳ ᠪᠤᠷᠬᠠᠨ ᠴᠤ ᠲᠡᠭᠦᠨ ᠦ ᠳᠣᠲᠣᠷ᠎ᠠ ᠪᠠᠢᠳᠠᠭ᠃ ᠡᠵᠡᠨ ᠪᠢᠳᠡᠨ ᠦ ᠳᠣᠲᠣᠷ᠎ᠠ ᠪᠠᠢᠭ᠎ᠠ ᠶᠢ ᠲᠡᠭᠦᠨ ᠦ ᠰᠣᠶᠣᠷᠬᠠᠭᠰᠠᠨ ᠠᠷᠢᠭᠤᠨ ᠰᠦᠨᠡᠰᠦ ᠪᠡᠷ ᠪᠢᠳᠡ ᠮᠡᠳᠡᠳᠡᠭ᠃