1 2 3 4 5


ᠨᠢᠭᠡᠳᠦᠭᠡᠷ ᠶᠣᠬᠠᠨ ᠳᠥᠷᠪᠡ
 ᠰᠦᠨᠡᠰᠦ ᠨᠦᠭᠦᠳ ᠢ ᠰᠢᠯᠭ᠎ᠠ

1 ᠬᠠᠢᠷᠠᠲᠤ ᠨᠤᠭᠤᠳ ᠡ᠂ ᠰᠦᠨᠡᠰᠦ ᠪᠣᠯᠭᠠᠨ ᠢ ᠪᠦᠦ ᠢᠲᠡᠭᠡ᠂ ᠬᠠᠷᠢᠨ ᠰᠦᠨᠡᠰᠦ ᠨᠦᠭᠦᠳ ᠦᠨ ᠪᠤᠷᠬᠠᠨ ᠤ ᠬᠢ ᠮᠥᠨ ᠪᠠᠢᠬᠤ ᠡᠰᠡᠬᠦ ᠶᠢ ᠰᠢᠯᠭᠠᠵᠠᠭ᠎ᠠ᠃ ᠶᠢᠷᠲᠢᠨᠴᠦ ᠳᠦ ᠬᠠᠭᠤᠷᠮᠠᠭ ᠡᠰᠢ ᠦᠵᠡᠭᠦᠯᠦᠭᠴᠢ ᠣᠯᠠᠨ ᠢᠶᠠᠷ ᠭᠠᠷᠤᠭᠰᠠᠨ ᠪᠠᠢᠨ᠎ᠠ᠃ 2 ᠪᠤᠷᠬᠠᠨ ᠤ ᠰᠦᠨᠡᠰᠦ ᠶᠢ ᠲᠠ ᠨᠠᠷ ᠡᠭᠦᠨ ᠢᠶᠡᠷ ᠮᠡᠳᠡᠨ᠎ᠡ᠂ ᠢᠰᠦ᠋ᠰ ᠾᠷᠢᠰᠲ᠋ᠣᠰ ᠤᠨ ᠮᠢᠬᠠᠨ ᠪᠡᠶ᠎ᠡ ᠪᠡᠷ ᠢᠷᠡᠭᠰᠡᠨ ᠢ ᠬᠦᠯᠢᠶᠡᠨ ᠵᠥᠪᠰᠢᠶᠡᠷᠡᠭᠴᠢ ᠰᠦᠨᠡᠰᠦ ᠪᠣᠯᠭᠠᠨ ᠪᠤᠷᠬᠠᠨ ᠤ ᠬᠢ ᠶᠤᠮ᠃ 3 ᠢᠰᠦ᠋ᠰ ᠢ ᠬᠦᠯᠢᠶᠡᠨ ᠵᠥᠪᠰᠢᠶᠡᠷᠡᠳᠡᠭ᠌ ᠦᠭᠡᠢ ᠰᠦᠨᠡᠰᠦ ᠪᠣᠯᠭᠠᠨ ᠪᠤᠷᠬᠠᠨ ᠤ ᠬᠢ ᠪᠢᠰᠢ᠂ ᠲᠡᠷᠡ ᠨᠢ ᠾᠷᠢᠰᠲ᠋ᠣᠰ ᠢ ᠡᠰᠡᠷᠭᠦᠴᠡᠭᠴᠢ ᠶᠢᠨ ᠰᠦᠨᠡᠰᠦ ᠪᠢᠯᠡ᠃ ᠲᠡᠭᠦᠨ ᠦ ᠢᠷᠡᠬᠦ ᠶᠢ ᠲᠠ ᠨᠠᠷ ᠰᠣᠨᠣᠰᠣᠭᠰᠠᠨ᠂ ᠡᠳᠦᠭᠡ ᠲᠡᠷᠡ ᠨᠢᠭᠡᠨᠲᠡ ᠶᠢᠷᠲᠢᠨᠴᠦ ᠳᠦ ᠪᠠᠢᠭ᠎ᠠ᠃ 4 ᠬᠡᠦᠬᠡᠳ ᠤᠳ ᠡ᠂ ᠲᠠ ᠨᠠᠷ ᠪᠤᠷᠬᠠᠨ ᠤ ᠬᠢ ᠪᠥᠭᠡᠳ ᠲᠡᠳᠡᠨ ᠢ ᠢᠯᠠᠭᠰᠠᠨ᠃ ᠤᠴᠢᠷ ᠨᠢ᠂ ᠲᠠ ᠨᠠᠷ ᠤᠨ ᠳᠣᠲᠣᠷ᠎ᠠ ᠪᠠᠢᠭᠴᠢ ᠨᠢ ᠶᠢᠷᠲᠢᠨᠴᠦ ᠳᠦ ᠪᠠᠢᠭᠴᠢ ᠡᠴᠡ ᠠᠭᠤᠤ᠃ 5 ᠲᠡᠳᠡ ᠪᠣᠯ ᠶᠢᠷᠲᠢᠨᠴᠦ ᠶᠢᠨ ᠬᠢ᠂ ᠲᠡᠢᠮᠦ ᠡᠴᠡ ᠶᠢᠷᠲᠢᠨᠴᠦ ᠶᠢᠨ ᠬᠢ ᠶᠢ ᠶᠠᠷᠢᠵᠤ᠂ ᠶᠢᠷᠲᠢᠨᠴᠦ ᠲᠡᠳᠡᠨ ᠦ ᠬᠢ ᠶᠢ ᠰᠣᠨᠣᠰᠳᠠᠭ᠃ 6 ᠪᠢᠳᠡ ᠪᠣᠯ ᠪᠤᠷᠬᠠᠨ ᠤ ᠬᠢ᠂ ᠪᠤᠷᠬᠠᠨ ᠢ ᠲᠠᠨᠢᠳᠠᠭ ᠬᠥᠮᠦᠨ ᠪᠢᠳᠡᠨ ᠦ ᠬᠢ ᠶᠢ ᠰᠣᠨᠣᠰᠳᠠᠭ᠃ ᠪᠤᠷᠬᠠᠨ ᠤ ᠬᠢ ᠪᠢᠰᠢ ᠬᠥᠮᠦᠨ ᠪᠢᠳᠡᠨ ᠦ ᠬᠢ ᠶᠢ ᠰᠣᠨᠣᠰᠳᠠᠭ ᠦᠭᠡᠢ᠂ ᠡᠭᠦᠨ ᠢᠶᠡᠷ ᠪᠢᠳᠡ ᠦᠨᠡᠨ ᠦ ᠰᠦᠨᠡᠰᠦ ᠪᠠ ᠬᠠᠭᠤᠷᠮᠠᠭ ᠰᠦᠨᠡᠰᠦ ᠶᠢ ᠮᠡᠳᠡᠨ᠎ᠡ᠃
 ᠪᠤᠷᠬᠠᠨ ᠪᠣᠯ ᠬᠠᠢᠷ᠎ᠠ

7 ᠬᠠᠢᠷᠠᠲᠤ ᠨᠤᠭᠤᠳ ᠡ᠂ ᠨᠢᠭᠡ ᠨᠢᠭᠡ ᠪᠡᠨ ᠬᠠᠢᠷᠠᠯᠠᠵᠠᠭᠠᠶ᠎ᠠ᠃ ᠬᠠᠢᠷ᠎ᠠ ᠪᠣᠯ ᠪᠤᠷᠬᠠᠨ ᠤ ᠬᠢ᠃ ᠬᠠᠢᠷᠠᠯᠠᠳᠠᠭ ᠬᠥᠮᠦᠨ ᠪᠣᠯᠭᠠᠨ ᠪᠤᠷᠬᠠᠨ ᠠᠴᠠ ᠲᠥᠷᠥᠭᠰᠡᠨ ᠪᠥᠭᠡᠳ ᠪᠤᠷᠬᠠᠨ ᠢ ᠲᠠᠨᠢᠳᠠᠭ᠂ 8 ᠬᠠᠢᠷᠠᠯᠠᠳᠠᠭ ᠦᠭᠡᠢ ᠨᠢ ᠪᠤᠷᠬᠠᠨ ᠢ ᠲᠠᠨᠢᠳᠠᠭ ᠦᠭᠡᠢ᠂ ᠪᠤᠷᠬᠠᠨ ᠪᠣᠯ ᠬᠠᠢᠷ᠎ᠠ ᠮᠥᠨ᠃ 9 ᠪᠤᠷᠬᠠᠨ ᠤ ᠬᠠᠢᠷ᠎ᠠ ᠨᠢ ᠥᠪᠡᠷ ᠦᠨ ᠴᠣᠷ ᠤᠨ ᠭᠠᠭᠴᠠ ᠬᠦᠦ ᠪᠡᠨ ᠶᠢᠷᠲᠢᠨᠴᠦ ᠳᠦ ᠢᠯᠡᠭᠡᠵᠦ᠂ ᠲᠡᠭᠦᠨ ᠢᠶᠡᠷ ᠳᠠᠮᠵᠢᠭᠤᠯᠤᠨ ᠪᠢᠳᠡᠨ ᠢ ᠠᠮᠢᠳᠤ ᠪᠠᠢᠯᠭᠠᠭᠰᠠᠨ ᠢᠶᠠᠷ ᠢᠶᠠᠨ ᠪᠢᠳᠡᠨ ᠦ ᠳᠤᠮᠳᠠ ᠢᠯᠡᠷᠬᠡᠶᠢᠯᠡᠭᠳᠡᠵᠡᠢ᠃ 10 ᠪᠢᠳᠡ ᠪᠤᠷᠬᠠᠨ ᠢ ᠬᠠᠢᠷᠠᠯᠠᠭᠰᠠᠨ ᠪᠤᠰᠤ᠂ ᠬᠠᠷᠢᠨ ᠲᠡᠷᠡ ᠥᠪᠡᠷ ᠢᠶᠡᠨ ᠪᠢᠳᠡᠨ ᠢ ᠬᠠᠢᠷᠠᠯᠠᠵᠤ ᠪᠢᠳᠡᠨ ᠦ ᠨᠢᠭᠦᠯ ᠦᠨ ᠲᠥᠯᠥᠭᠡ ᠬᠦᠦ ᠪᠡᠨ ᠡᠪᠯᠡᠷᠡᠭᠦᠯᠦᠯ ᠦᠨ ᠵᠣᠯᠢᠶᠠᠰᠤ ᠪᠣᠯᠭᠠᠨ ᠢᠯᠡᠭᠡᠭᠰᠡᠨ᠂ ᠡᠨᠡ ᠪᠣᠯ ᠬᠠᠢᠷ᠎ᠠ᠃ 11 ᠬᠠᠢᠷᠠᠲᠤ ᠨᠤᠭᠤᠳ ᠡ᠂ ᠪᠤᠷᠬᠠᠨ ᠪᠢᠳᠡᠨ ᠢ ᠡᠢᠨ ᠬᠦ ᠬᠠᠢᠷᠠᠯᠠᠳᠠᠭ ᠲᠤᠯᠠ ᠪᠢᠳᠡ ᠴᠤ ᠨᠢᠭᠡ ᠨᠢᠭᠡ ᠪᠡᠨ ᠬᠠᠢᠷᠠᠯᠠᠬᠤ ᠶᠣᠰᠣᠲᠠᠢ᠃ 12 ᠪᠤᠷᠬᠠᠨ ᠢ ᠣᠯᠵᠤ ᠦᠵᠡᠭᠰᠡᠨ ᠬᠥᠮᠦᠨ ᠶᠡᠷᠦ ᠡᠴᠡ ᠠᠯᠠᠭ᠎ᠠ᠂ ᠬᠡᠷᠪᠡ ᠪᠢᠳᠡ ᠨᠢᠭᠡ ᠨᠢᠭᠡ ᠪᠡᠨ ᠬᠠᠢᠷᠠᠯᠠᠪᠠᠯ ᠪᠤᠷᠬᠠᠨ ᠪᠢᠳᠡᠨ ᠦ ᠳᠣᠲᠣᠷ᠎ᠠ ᠪᠠᠢᠵᠤ᠂ ᠲᠡᠭᠦᠨ ᠦ ᠬᠠᠢᠷ᠎ᠠ ᠪᠢᠳᠡᠨ ᠦ ᠳᠣᠲᠣᠷ᠎ᠠ ᠲᠡᠭᠦᠰ ᠪᠣᠯᠣᠨ᠎ᠠ᠃

13 ᠪᠤᠷᠬᠠᠨ ᠠᠷᠢᠭᠤᠨ ᠰᠦᠨᠡᠰᠦ ᠪᠡᠨ ᠪᠢᠳᠡᠨ ᠳᠦ ᠰᠣᠶᠣᠷᠬᠠᠭᠰᠠᠨ ᠤᠴᠢᠷ ᠪᠢᠳᠡ ᠲᠡᠭᠦᠨ ᠦ ᠳᠣᠲᠣᠷ᠎ᠠ᠂ ᠲᠡᠷᠡ ᠪᠢᠳᠡᠨ ᠦ ᠳᠣᠲᠣᠷ᠎ᠠ ᠪᠤᠢ ᠶᠢ ᠪᠢᠳᠡ ᠡᠭᠦᠨ ᠢᠶᠡᠷ ᠮᠡᠳᠡᠨ᠎ᠡ᠃ 14 ᠡᠴᠢᠭᠡ ᠨᠢ ᠬᠦᠦ ᠪᠡᠨ ᠶᠢᠷᠲᠢᠨᠴᠦ ᠶᠢᠨ ᠠᠪᠤᠷᠠᠭᠴᠢ ᠪᠠᠷ ᠢᠯᠡᠭᠡᠭᠰᠡᠨ ᠢ ᠪᠢᠳᠡ ᠦᠵᠡᠭᠰᠡᠨ ᠪᠥᠭᠡᠳ ᠭᠡᠷᠡᠴᠢᠯᠡᠳᠡᠭ᠃ 15 ᠬᠡᠨ ᠴᠤ ᠭᠡᠰᠡᠨ ᠢᠰᠦ᠋ᠰ ᠪᠣᠯ ᠪᠤᠷᠬᠠᠨ ᠤ ᠬᠦᠦ ᠮᠥᠨ ᠭᠡᠵᠦ ᠬᠦᠯᠢᠶᠡᠨ ᠵᠥᠪᠰᠢᠶᠡᠷᠡᠪᠡᠯ ᠲᠡᠷᠡ ᠬᠥᠮᠦᠨ ᠦ ᠳᠣᠲᠣᠷ᠎ᠠ ᠪᠤᠷᠬᠠᠨ ᠪᠠᠢᠵᠤ᠂ ᠪᠤᠷᠬᠠᠨ ᠤ ᠳᠣᠲᠣᠷ᠎ᠠ ᠲᠡᠷᠡ ᠪᠠᠢᠳᠠᠭ᠃ 16 ᠪᠢᠳᠡᠨ ᠢ ᠬᠠᠢᠷᠠᠯᠠᠭᠰᠠᠨ ᠪᠤᠷᠬᠠᠨ ᠤ ᠬᠠᠢᠷ᠎ᠠ ᠶᠢ ᠪᠢᠳᠡ ᠮᠡᠳᠡᠭᠡᠳ ᠢᠲᠡᠭᠡᠳᠡᠭ᠃ ᠪᠤᠷᠬᠠᠨ ᠪᠣᠯ ᠬᠠᠢᠷ᠎ᠠ᠂ ᠬᠠᠢᠷ᠎ᠠ ᠶᠢᠨ ᠳᠣᠲᠣᠷ᠎ᠠ ᠪᠠᠢᠭᠴᠢ ᠨᠢ ᠪᠤᠷᠬᠠᠨ ᠤ ᠳᠣᠲᠣᠷ᠎ᠠ ᠪᠠᠢᠵᠤ᠂ ᠪᠤᠷᠬᠠᠨ ᠲᠡᠭᠦᠨ ᠦ ᠳᠣᠲᠣᠷ᠎ᠠ ᠪᠠᠢᠳᠠᠭ᠃ 17 ᠡᠭᠦᠨ ᠢᠶᠡᠷ ᠬᠠᠢᠷ᠎ᠠ ᠨᠢ ᠪᠢᠳᠡᠨ ᠦ ᠳᠤᠮᠳᠠ ᠲᠡᠭᠦᠰ ᠪᠣᠯᠳᠠᠭ᠃ ᠡᠨᠡ ᠶᠢᠷᠲᠢᠨᠴᠦ ᠳᠦ ᠲᠡᠷᠡ ᠶᠠᠮᠠᠷ ᠪᠠᠢᠭᠰᠠᠨ ᠪᠣᠯ ᠪᠢᠳᠡ ᠴᠤ ᠮᠥᠨ ᠲᠡᠢᠮᠦ ᠪᠠᠢᠳᠠᠭ ᠤᠴᠢᠷ ᠠᠴᠠ ᠰᠢᠭᠦᠯᠲᠡ ᠶᠢᠨ ᠡᠳᠦᠷ ᠲᠦ ᠪᠢᠳᠡ ᠵᠣᠷᠢᠭᠲᠠᠢ ᠪᠠᠢᠬᠤ ᠪᠣᠯᠣᠨ᠎ᠠ᠃ 18 ᠬᠠᠢᠷ᠎ᠠ ᠶᠢᠨ ᠳᠣᠲᠣᠷ᠎ᠠ ᠠᠢᠳᠠᠰ ᠠᠯᠠᠭ᠎ᠠ᠃ ᠲᠡᠭᠦᠰ ᠬᠠᠢᠷ᠎ᠠ ᠨᠢ ᠠᠢᠳᠠᠰ ᠢ ᠦᠯᠳᠡᠳᠡᠭ᠂ ᠠᠢᠳᠠᠰ ᠲᠤ ᠰᠢᠳᠬᠡᠯ ᠪᠤᠢ᠃ ᠠᠶᠤᠭᠴᠢ ᠨᠢ ᠬᠠᠢᠷ᠎ᠠ ᠶᠢᠨ ᠲᠠᠯ᠎ᠠ ᠪᠠᠷ ᠲᠡᠭᠦᠰ ᠪᠣᠯᠣᠭᠠᠳᠤᠢ ᠶᠤᠮ᠃ 19 ᠪᠤᠷᠬᠠᠨ ᠪᠢᠳᠡᠨ ᠢ ᠤᠷᠢᠳᠠᠪᠠᠷ ᠬᠠᠢᠷᠠᠯᠠᠭᠰᠠᠨ ᠪᠣᠯᠬᠣᠷ ᠪᠢᠳᠡ ᠬᠠᠢᠷᠠᠯᠠᠳᠠᠭ ᠶᠤᠮ᠃ 20 ᠬᠡᠷᠪᠡ ᠬᠡᠨ ᠨᠢᠭᠡᠨ ᠨᠢ 《ᠪᠢ ᠪᠤᠷᠬᠠᠨ ᠳᠤ ᠬᠠᠢᠷᠠᠲᠠᠢ》 ᠭᠡᠴᠢᠬᠡᠭᠡᠳ ᠠᠬ᠎ᠠ ᠳᠡᠭᠦᠦ ᠪᠡᠨ ᠬᠣᠷᠣᠰᠪᠠᠯ ᠲᠡᠷᠡ ᠬᠤᠳᠠᠯᠴᠢ᠃ ᠬᠠᠷᠠᠭᠳᠠᠵᠤ ᠪᠠᠢᠭ᠎ᠠ ᠠᠬ᠎ᠠ ᠳᠡᠭᠦᠦ ᠪᠡᠨ ᠦᠯᠦ ᠬᠠᠢᠷᠠᠯᠠᠭᠴᠢ ᠨᠢ ᠬᠠᠷᠠᠭᠳᠠᠬᠤ ᠦᠭᠡᠢ ᠪᠤᠷᠬᠠᠨ ᠢ ᠬᠡᠷᠬᠢᠨ ᠬᠠᠢᠷᠠᠯᠠᠵᠤ ᠴᠢᠳᠠᠬᠤ ᠪᠤᠢ︖ 21 ᠪᠤᠷᠬᠠᠨ ᠢ ᠬᠠᠢᠷᠠᠯᠠᠭᠴᠢ ᠨᠢ ᠠᠬ᠎ᠠ ᠳᠡᠭᠦᠦ ᠪᠡᠨ ᠴᠤ ᠬᠠᠢᠷᠠᠯᠠᠬᠤ ᠶᠣᠰᠣᠲᠠᠢ᠂ ᠪᠤᠷᠬᠠᠨ ᠡᠨᠡ ᠵᠠᠷᠯᠢᠭ ᠢ ᠪᠢᠳᠡᠨ ᠳᠦ ᠥᠭᠭᠥᠭᠰᠡᠨ ᠶᠤᠮ᠃