ᠡᠽᠷᠠ ᠨᠢᠭᠡ
ᠴᠥᠯᠡᠭᠳᠡᠭᠰᠡᠳ ᠢ ᠪᠤᠴᠠᠭᠠᠬᠤ ᠵᠠᠷᠯᠢᠭ
1 ᠶᠣᠬᠣᠸᠠ ᠶᠧᠷᠧᠮᠢᠶ᠎ᠠ ᠪᠠᠷ ᠬᠡᠯᠡᠭᠦᠯᠦᠭᠰᠡᠨ ᠦᠭᠡ ᠪᠡᠨ ᠪᠡᠶᠡᠯᠡᠭᠦᠯᠬᠦ ᠶᠢᠨ ᠲᠤᠯᠠᠳᠠ ᠫᠧᠷᠰ ᠤᠨ ᠬᠠᠭᠠᠨ ᠺᠦᠷᠣᠰ ᠤᠨ ᠠᠩ᠋ᠬᠠᠳᠤᠭᠠᠷ ᠣᠨ ᠳᠤ ᠫᠧᠷᠰ ᠤᠨ ᠬᠠᠭᠠᠨ ᠺᠦᠷᠣᠰ ᠤᠨ ᠰᠦᠨᠡᠰᠦ ᠶᠢ ᠬᠥᠳᠡᠯᠭᠡᠭᠰᠡᠨ ᠳᠦ᠂ ᠲᠡᠷᠡ ᠵᠠᠷᠯᠢᠭ ᠪᠠᠭᠤᠯᠭᠠᠭᠰᠠᠨ ᠪᠥᠭᠡᠳ ᠡᠨᠡ ᠵᠠᠷᠯᠢᠭ ᠢᠶᠠᠨ ᠪᠢᠴᠢᠭᠦᠯᠦᠨ ᠬᠠᠭᠠᠨᠴᠢᠯᠠᠯ ᠳᠠᠶᠠᠭᠠᠷ ᠢᠶᠠᠨ ᠲᠤᠩ᠋ᠬᠠᠭᠯᠠᠵᠤ᠄
2 《ᠫᠧᠷᠰ ᠤᠨ ᠬᠠᠭᠠᠨ ᠺᠦᠷᠣᠰ ᠡᠢᠨ ᠬᠦ ᠠᠢᠯᠠᠳᠴᠤ ᠪᠠᠢᠨ᠎ᠠ᠄ 〈ᠲᠩᠷᠢ ᠶᠢᠨ ᠪᠤᠷᠬᠠᠨ ᠶᠣᠬᠣᠸᠠ ᠨᠠᠳᠠ ᠳᠤ ᠳᠡᠯᠡᠬᠡᠢ ᠶᠢᠨ ᠪᠦᠬᠦ ᠬᠠᠭᠠᠨᠴᠢᠯᠠᠯ ᠢ ᠰᠣᠶᠣᠷᠬᠠᠭᠰᠠᠨ ᠪᠢᠯᠡ᠃ ᠲᠡᠷᠡ ᠪᠤᠷᠬᠠᠨ ᠶᠦᠳᠠ ᠳᠠᠬᠢ ᠶᠧᠷᠦ᠋ᠰᠠᠯᠧᠮ ᠳᠤ ᠥᠪᠡᠷ ᠦᠨ ᠬᠢᠨᠢ ᠥᠷᠭᠥᠭᠡ ᠶᠢ ᠪᠠᠷᠢᠬᠤ ᠶᠢ ᠨᠠᠳᠠ ᠳᠤ ᠵᠠᠬᠢᠭᠰᠠᠨ ᠶᠤᠮ᠃ 3 ᠲᠠ ᠨᠠᠷ ᠤᠨ ᠳᠤᠮᠳᠠ ᠲᠡᠭᠦᠨ ᠦ ᠠᠷᠠᠳ ᠲᠦᠮᠡᠨ ᠭᠡᠭᠳᠡᠳᠡᠭ ᠬᠥᠮᠦᠨ ᠪᠠᠢᠭ᠎ᠠ ᠪᠣᠯ᠂ ᠲᠡᠷᠡ ᠪᠤᠷᠬᠠᠨ ᠲᠡᠭᠦᠨ ᠲᠡᠢ ᠬᠠᠮᠲᠤ ᠪᠠᠢᠬᠤ ᠪᠣᠯᠲᠤᠭᠠᠢ︕ ᠲᠡᠷᠡ ᠬᠥᠮᠦᠨ ᠶᠦᠳᠠ ᠳᠠᠬᠢ ᠶᠧᠷᠦ᠋ᠰᠠᠯᠧᠮ ᠥᠭᠡᠳᠡ ᠶᠠᠪᠤᠵᠤ᠂ ᠢᠰᠷᠧᠯ ᠤᠨ ᠪᠤᠷᠬᠠᠨ ᠶᠣᠬᠣᠸᠠ᠂ ᠶᠧᠷᠦ᠋ᠰᠠᠯᠧᠮ ᠳᠠᠬᠢ ᠲᠡᠷᠡ ᠪᠤᠷᠬᠠᠨ ᠤ ᠥᠷᠭᠥᠭᠡ ᠶᠢ ᠪᠠᠷᠢᠯᠴᠠᠵᠤ ᠪᠣᠯᠣᠨ᠎ᠠ᠃ 4 ᠬᠠᠮᠢᠭ᠎ᠠ ᠨᠢᠭᠡᠨ ᠭᠠᠵᠠᠷ ᠲᠤ ᠠᠮᠢᠳᠤᠷᠠᠵᠤ ᠪᠠᠢᠭ᠎ᠠ ᠠᠮᠢᠳᠤ ᠦᠯᠡᠳᠡᠭᠰᠡᠨ ᠪᠦᠬᠦ ᠶᠦᠳᠠ ᠬᠥᠮᠦᠨ ᠢ ᠲᠡᠷᠡ ᠭᠠᠵᠠᠷ ᠤᠨ ᠬᠥᠮᠦᠰ ᠨᠢ ᠶᠧᠷᠦ᠋ᠰᠠᠯᠧᠮ ᠳᠠᠬᠢ ᠪᠤᠷᠬᠠᠨ ᠤ ᠥᠷᠭᠥᠭᠡᠨ ᠦ ᠲᠥᠯᠥᠭᠡ ᠠᠯᠲᠠ᠂ ᠮᠥᠩᠭᠥ᠂ ᠡᠳ᠋ ᠪᠠᠷᠠᠭ᠎ᠠ᠂ ᠮᠠᠯ ᠰᠦᠷᠦᠭ ᠪᠣᠯᠣᠨ ᠰᠠᠢᠨ ᠳᠤᠷ᠎ᠠ ᠶᠢᠨ ᠡᠷᠭᠦᠯ ᠢᠶᠡᠷ ᠳᠡᠮᠵᠢᠭᠡᠷᠡᠢ〉》 ᠭᠡᠪᠡ᠃
5 ᠢᠩᠭᠢᠭᠡᠳ ᠶᠦᠳᠠ ᠪᠣᠯᠣᠨ ᠪᠢᠨᠶᠠᠮᠢᠨ ᠤ ᠠᠢᠮᠠᠭ ᠤᠳ ᠤᠨ ᠲᠡᠷᠢᠭᠦᠳ᠂ ᠲᠠᠬᠢᠯᠴᠢᠳ᠂ ᠯᠧᠸᠢᠴᠦᠳ ᠭᠡᠬᠦᠴᠢᠯᠡᠨ ᠰᠦᠨᠡᠰᠦ ᠨᠢ ᠪᠤᠷᠬᠠᠨ ᠳᠤ ᠬᠥᠳᠡᠯᠭᠡᠭᠳᠡᠭᠰᠡᠨ ᠬᠥᠮᠦᠰ ᠪᠦᠭᠦᠳᠡᠭᠡᠷ ᠢᠶᠡᠨ ᠪᠣᠰᠴᠠᠭᠠᠵᠤ᠂ ᠶᠧᠷᠦ᠋ᠰᠠᠯᠧᠮ ᠳᠠᠬᠢ ᠶᠣᠬᠣᠸᠠ ᠶᠢᠨ ᠥᠷᠭᠥᠭᠡ ᠶᠢ ᠪᠠᠷᠢᠬᠤ ᠪᠠᠷ ᠶᠠᠪᠤᠬᠤ ᠪᠣᠯᠪᠠ᠃ 6 ᠲᠡᠳᠡᠨ ᠦ ᠪᠦᠬᠦ ᠬᠥᠷᠰᠢ ᠠᠯᠲᠠ ᠮᠥᠩᠭᠥᠨ ᠬᠡᠷᠡᠭᠰᠡᠯ᠂ ᠡᠳ᠋ ᠪᠠᠷᠠᠭ᠎ᠠ᠂ ᠮᠠᠯ ᠰᠦᠷᠦᠭ᠂ ᠦᠨᠡᠲᠦ ᠵᠦᠢᠯᠡᠰ ᠬᠢᠭᠡᠳ ᠰᠠᠢᠨ ᠳᠤᠷ᠎ᠠ ᠶᠢᠨ ᠡᠷᠭᠦᠯ ᠢᠶᠡᠷ ᠲᠡᠳᠡᠨ ᠢ ᠤᠷᠮᠠᠰᠢᠭᠤᠯᠵᠠᠢ᠃ 7 ᠮᠥᠨ ᠺᠦᠷᠣᠰ ᠬᠠᠭᠠᠨ ᠪᠡᠷ ᠨᠧᠪᠦ᠋ᠺᠠᠨᠧᠽᠠᠷ ᠤᠨ ᠶᠧᠷᠦ᠋ᠰᠠᠯᠧᠮ ᠳᠠᠬᠢ ᠶᠣᠬᠣᠸᠠ ᠶᠢᠨ ᠥᠷᠭᠥᠭᠡᠨ ᠡᠴᠡ ᠠᠪᠴᠤ ᠭᠠᠷᠭᠠᠨ᠂ ᠥᠪᠡᠷ ᠦᠨ ᠢᠶᠠᠨ ᠪᠤᠷᠬᠠᠳ ᠤᠨ ᠳᠤᠭᠠᠩ ᠳᠤ ᠲᠠᠯᠪᠢᠵᠤ ᠪᠠᠢᠭᠰᠠᠨ ᠬᠡᠷᠡᠭᠰᠡᠯ ᠤᠳ ᠢ ᠭᠠᠷᠭᠠᠵᠤ ᠥᠭᠪᠡ᠃ 8 ᠫᠧᠷᠰ ᠤᠨ ᠬᠠᠭᠠᠨ ᠺᠦᠷᠣᠰ ᠲᠡᠳᠡᠭᠡᠷ ᠬᠡᠷᠡᠭᠰᠡᠯ ᠢ ᠰᠠᠩ ᠤᠨ ᠨᠢᠷᠪᠠ ᠮᠢᠲ᠋ᠷᠧᠳᠠᠲ ᠢᠶᠠᠷ ᠭᠠᠷᠭᠠᠭᠤᠯᠵᠤ ᠲᠣᠭᠠᠯᠠᠭᠤᠯᠤᠭᠠᠳ ᠶᠦᠳᠠ ᠶᠢᠨ ᠨᠣᠶᠠᠨ ᠱᠧᠱᠪᠠᠽᠠᠷ ᠲᠤ ᠥᠭᠪᠡ᠃ 9 ᠲᠡᠳᠡᠭᠡᠷ ᠢ ᠲᠣᠭᠠᠯᠠᠬᠤ ᠳᠤ ᠠᠯᠲᠠᠨ ᠲᠠᠪᠠᠭ ᠭᠤᠴᠢ᠂ ᠮᠥᠩᠭᠥᠨ ᠲᠠᠪᠠᠭ ᠮᠢᠩ᠋ᠭ᠎ᠠ᠂ ᠬᠢᠲᠤᠭ᠎ᠠ ᠬᠣᠷᠢ ᠶᠢᠰᠦ᠂ 10 ᠠᠯᠲᠠᠨ ᠠᠶᠠᠭ᠎ᠠ ᠭᠤᠴᠢ᠂ ᠶᠠᠩᠵᠤ ᠪᠦᠷᠢ ᠶᠢᠨ ᠮᠥᠩᠭᠥᠨ ᠠᠶᠠᠭ᠎ᠠ ᠳᠥᠷᠪᠡᠨ ᠵᠠᠭᠤ ᠠᠷᠪᠠ᠂ ᠪᠤᠰᠤᠳ ᠬᠡᠷᠡᠭᠰᠡᠯ ᠮᠢᠩ᠋ᠭ᠎ᠠ᠂ 11 ᠨᠡᠢᠲᠡ ᠲᠠᠪᠤᠨ ᠮᠢᠩ᠋ᠭ᠎ᠠ ᠳᠥᠷᠪᠡᠨ ᠵᠠᠭᠤᠨ ᠠᠯᠲᠠ ᠮᠥᠩᠭᠥᠨ ᠬᠡᠷᠡᠭᠰᠡᠯ ᠪᠠᠢᠪᠠ᠃ ᠴᠥᠯᠡᠭᠳᠡᠭᠰᠡᠳ ᠪᠠᠪᠢᠯᠣᠨ ᠠᠴᠠ ᠶᠧᠷᠦ᠋ᠰᠠᠯᠧᠮ ᠤᠷᠤᠭᠤ ᠣᠴᠢᠬᠤ ᠳᠤ᠂ ᠱᠧᠱᠪᠠᠽᠠᠷ ᠡᠨᠡ ᠪᠦᠭᠦᠳᠡ ᠶᠢ ᠠᠪᠴᠤ ᠶᠠᠪᠤᠭᠰᠠᠨ ᠪᠠᠢᠨ᠎ᠠ᠃