1 2 3 4 5 6 7 8 9 10


ᠡᠽᠷᠠ ᠳᠥᠷᠪᠡ
 ᠳᠠᠢᠰᠤᠨ ᠨᠤᠭᠤᠳ ᠤᠨ ᠡᠰᠡᠷᠭᠦᠴᠡᠯ

1 ᠴᠥᠯᠡᠯᠭᠡ ᠡᠴᠡ ᠢᠷᠡᠭᠰᠡᠨ ᠬᠥᠮᠦᠰ ᠢᠰᠷᠧᠯ ᠤᠨ ᠪᠤᠷᠬᠠᠨ ᠶᠣᠬᠣᠸᠠ ᠳᠤ ᠣᠷᠳᠣᠨ ᠪᠠᠷᠢᠵᠤ ᠪᠠᠢᠭ᠎ᠠ ᠶᠢ ᠶᠦᠳᠠ᠂ ᠪᠢᠨᠶᠠᠮᠢᠨ ᠤ ᠳᠠᠢᠰᠤᠨ ᠨᠤᠭᠤᠳ ᠰᠣᠨᠣᠰᠣᠭᠠᠳ 2 ᠽᠣᠷᠣᠪᠠᠪᠧᠯ ᠪᠣᠯᠣᠨ ᠠᠢᠮᠠᠭ ᠤᠳ ᠤᠨ ᠲᠡᠷᠢᠭᠦᠳ ᠲᠦ᠄ 《ᠪᠢᠳᠡ ᠲᠠ ᠨᠠᠷ ᠲᠠᠢ ᠬᠠᠮᠲᠤ ᠪᠠᠷᠢᠶ᠎ᠠ᠃ ᠪᠢᠳᠡ ᠴᠤ ᠲᠠ ᠨᠠᠷ ᠲᠠᠢ ᠠᠳᠠᠯᠢ ᠲᠠᠨ ᠤ ᠪᠤᠷᠬᠠᠨ ᠢ ᠬᠠᠢᠳᠠᠭ ᠶᠤᠮ᠃ ᠠᠰᠢᠷᠢᠶ᠎ᠠ ᠶᠢᠨ ᠬᠠᠭᠠᠨ ᠡᠰᠠᠷᠬᠠᠳᠣᠨ ᠪᠢᠳᠡᠨ ᠢ ᠡ᠊ᠨᠳᠡ ᠨᠡᠭᠦᠯᠭᠡᠭᠰᠡᠨ ᠡᠳᠦᠷ ᠡᠴᠡ ᠬᠣᠢᠰᠢ ᠪᠢᠳᠡ ᠪᠤᠷᠬᠠᠨ ᠳᠤ ᠲᠠᠬᠢᠯ ᠡᠷᠭᠦᠭᠰᠡᠭᠡᠷ ᠢᠷᠡᠭᠰᠡᠨ》 ᠭᠡᠪᠡ᠃ 3 ᠽᠣᠷᠣᠪᠠᠪᠧᠯ᠂ ᠶᠧᠱᠦ᠋ᠶ᠎ᠠ ᠪᠣᠯᠣᠨ ᠢᠰᠷᠧᠯ ᠤᠨ ᠠᠢᠮᠠᠭ ᠤᠳ ᠤᠨ ᠪᠤᠰᠤᠳ ᠲᠡᠷᠢᠭᠦᠳ᠄ 《ᠪᠢᠳᠡᠨ ᠦ ᠪᠤᠷᠬᠠᠨ ᠤ ᠪᠠᠨ ᠥᠷᠭᠥᠭᠡ ᠶᠢ ᠪᠠᠷᠢᠬᠤ ᠨᠢ ᠲᠠ ᠨᠠᠷ ᠲᠠᠢ ᠬᠠᠮᠢᠶ᠎ᠠ ᠦᠭᠡᠢ︕ ᠪᠢᠳᠡ ᠥᠪᠡᠷᠰᠡᠳ ᠢᠶᠡᠨ ᠯᠠ ᠫᠧᠷᠰ ᠤᠨ ᠬᠠᠭᠠᠨ ᠺᠦᠷᠣᠰ ᠤᠨ ᠲᠤᠰᠢᠶᠠᠭᠰᠠᠨ ᠶᠣᠰᠣᠭᠠᠷ ᠢᠰᠷᠧᠯ ᠤᠨ ᠪᠤᠷᠬᠠᠨ ᠶᠣᠬᠣᠸᠠ ᠳᠤ ᠵᠣᠷᠢᠭᠤᠯᠤᠨ ᠪᠣᠰᠬᠠᠨ᠎ᠠ》 ᠭᠡᠪᠡ᠃

4 ᠡᠷᠭᠢᠨ ᠲᠣᠭᠣᠷᠢᠨ ᠤ ᠬᠢᠨᠢ ᠦᠨᠳᠦᠰᠦᠲᠡᠨ ᠨᠦᠭᠦᠳ ᠶᠦᠳᠠ ᠶᠢᠨ ᠠᠷᠠᠳ ᠲᠦᠮᠡᠨ ᠢ ᠠᠶᠤᠯᠭᠠᠨ᠂ ᠪᠠᠷᠢᠬᠤ ᠵᠣᠷᠢᠭ ᠢ ᠨᠢ ᠮᠣᠬᠣᠭᠠᠬᠤ ᠭᠡᠵᠦ 5 ᠲᠦᠰᠢᠮᠡᠳ ᠢ ᠬᠠᠬᠤᠤᠯᠢᠳᠠᠵᠤ ᠪᠠᠢᠭᠠᠳ ᠫᠧᠷᠰ ᠤᠨ ᠬᠠᠭᠠᠨ ᠺᠦᠷᠣᠰ ᠤᠨ ᠪᠦᠬᠦ ᠡᠳᠦᠷ ᠤᠳ ᠠᠴᠠ ᠫᠧᠷᠰ ᠤᠨ ᠬᠠᠭᠠᠨ ᠳ᠋ᠠᠷᠢᠶᠦ᠋ ᠬᠠᠭᠠᠨᠴᠢᠯᠠᠬᠤ ᠬᠦᠷᠲᠡᠯ᠎ᠡ ᠶᠦᠳᠠ ᠶᠢᠨ ᠠᠷᠠᠳ ᠲᠦᠮᠡᠨ ᠦ ᠲᠥᠯᠥᠪᠯᠡᠭᠡ ᠳᠦ ᠰᠠᠭᠠᠳ ᠬᠢᠭᠰᠡᠨ ᠪᠠᠢᠨ᠎ᠠ᠃

6 ᠠᠬᠠᠰᠦ᠋ᠶᠧᠷᠦ᠋ ᠶᠢᠨ ᠬᠠᠭᠠᠨᠴᠢᠯᠠᠯ ᠤᠨ ᠡᠬᠢᠨ ᠤ ᠦᠶ᠎ᠡ ᠳᠦ᠂ ᠲᠡᠳᠡ ᠶᠧᠷᠦ᠋ᠰᠠᠯᠧᠮ ᠪᠠ ᠶᠦᠳᠠ ᠶᠢᠨ ᠰᠠᠭᠤᠭᠠᠯᠢᠴᠢᠳ ᠢ ᠵᠠᠭᠠᠯᠳᠤᠬᠤ ᠪᠢᠴᠢᠭ ᠪᠢᠴᠢᠪᠡ᠃

7 ᠮᠥᠨ ᠠᠷᠲ᠋ᠠᠱᠠᠰᠲ᠋ᠠ ᠶᠢᠨ ᠡᠳᠦᠷ ᠤᠳ ᠲᠤ ᠪᠢᠱᠯᠠᠮ᠂ ᠮᠢᠲ᠋ᠷᠧᠳᠠᠲ᠂ ᠲᠠᠪᠧᠯ ᠨᠠᠷ ᠬᠠᠮᠲᠤᠷᠠᠭᠴᠢᠳ ᠲᠠᠢ ᠪᠠᠨ ᠫᠧᠷᠰ ᠤᠨ ᠬᠠᠭᠠᠨ ᠠᠷᠲ᠋ᠠᠱᠠᠰᠲ᠋ᠠ ᠳᠤ ᠵᠠᠬᠢᠳᠠᠯ ᠪᠢᠴᠢᠵᠡᠢ᠃ ᠲᠡᠷᠡ ᠵᠠᠬᠢᠳᠠᠯ ᠨᠢ ᠠᠷᠠᠮ ᠦᠰᠦᠭ᠂ ᠠᠷᠠᠮ ᠬᠡᠯᠡ ᠪᠡᠷ ᠪᠢᠴᠢᠭᠳᠡᠭᠰᠡᠨ ᠪᠠᠢᠯ᠎ᠠ᠃ 8 ᠵᠠᠬᠢᠷᠤᠭᠴᠢ ᠷᠧᠾᠦ᠋ᠮ ᠪᠣᠯᠣᠨ ᠪᠢᠴᠢᠭᠡᠴᠢ ᠰᠢᠮᠱᠠᠢ ᠨᠠᠷ ᠴᠤ ᠠᠷᠲ᠋ᠠᠱᠠᠰᠲ᠋ᠠ ᠬᠠᠭᠠᠨ ᠳᠤ ᠶᠧᠷᠦ᠋ᠰᠠᠯᠧᠮᠴᠤᠳ ᠢ ᠵᠠᠭᠠᠯᠳᠤᠬᠤ ᠵᠠᠬᠢᠳᠠᠯ ᠪᠢᠴᠢᠪᠡ᠃ 9 ᠮᠥᠨ ᠵᠠᠬᠢᠷᠤᠭᠴᠢ ᠷᠧᠾᠦ᠋ᠮ᠂ ᠪᠢᠴᠢᠭᠡᠴᠢ ᠰᠢᠮᠱᠠᠢ ᠠᠴᠠ ᠭᠠᠳᠠᠨ᠎ᠠ ᠲᠡᠳᠡᠨ ᠦ ᠪᠤᠰᠤᠳ ᠬᠠᠮᠲᠤᠷᠠᠭᠴᠢᠳ᠂ ᠲᠤᠬᠠᠢᠯᠠᠪᠠᠯ ᠰᠢᠭᠦᠭᠴᠢᠳ᠂ ᠵᠠᠬᠢᠷᠤᠭᠴᠢᠳ᠂ ᠲᠦᠰᠢᠮᠡᠳ᠂ ᠫᠧᠷᠰᠴᠤᠳ᠂ ᠡᠷᠧᠺᠴᠤᠳ᠂ ᠪᠠᠪᠢᠯᠣᠨᠴᠤᠳ᠂ ᠰᠦᠰᠠ ᠳᠠᠬᠢ ᠡᠯᠠᠮᠴᠤᠳ ᠬᠢᠭᠡᠳ 10 ᠠᠭᠤᠤ ᠬᠦᠨᠳᠦᠲᠦ ᠣᠰᠨᠠᠫᠠᠷ ᠤᠨ ᠰᠠᠮᠠᠷᠢᠶ᠎ᠠ ᠬᠣᠲᠠ ᠵᠡᠷᠭᠡ ᠡᠶᠦ᠋ᠹᠷᠠᠲ᠋ᠧᠰ ᠮᠥᠷᠡᠨ ᠦ ᠥᠷᠥᠨ᠎ᠡ ᠲᠠᠯ᠎ᠠ ᠶᠢᠨ ᠨᠤᠲᠤᠭ ᠲᠤ ᠰᠢᠯᠵᠢᠭᠦᠯᠦᠨ ᠰᠠᠭᠤᠷᠢᠰᠢᠭᠤᠯᠤᠭᠰᠠᠨ ᠪᠤᠰᠤᠳ ᠦᠨᠳᠦᠰᠦᠲᠠ ᠨᠦᠭᠦᠳ ᠴᠤ ᠨᠡᠷ᠎ᠡ ᠬᠣᠯᠪᠣᠨ ᠪᠢᠴᠢᠵᠡᠢ᠃ 11 ᠲᠡᠳᠡᠨ ᠦ ᠢᠯᠡᠭᠡᠭᠰᠡᠨ ᠵᠠᠬᠢᠳᠠᠯ ᠤᠨ ᠬᠠᠭᠤᠯᠪᠤᠷᠢ ᠡᠨᠡ ᠪᠠᠢᠨ᠎ᠠ᠄ 《ᠠᠷᠲ᠋ᠠᠱᠠᠰᠲ᠋ᠠ ᠬᠠᠭᠠᠨ ᠳᠤ᠄ ᠡᠶᠦ᠋ᠹᠷᠠᠲ᠋ᠧᠰ ᠮᠥᠷᠡᠨ ᠦ ᠥᠷᠥᠨ᠎ᠡ ᠲᠠᠯ᠎ᠠ ᠳᠤ ᠪᠤᠢ ᠵᠠᠷᠤᠴᠠ ᠠᠴᠠ ᠲᠠᠨᠢ᠂ 12 ᠲᠠᠨ ᠤ ᠲᠡᠨᠳᠡ ᠡᠴᠡ ᠮᠠᠨ ᠤ ᠡ᠊ᠨᠳᠡ ᠢᠷᠡᠭᠰᠡᠨ ᠶᠦᠳᠠᠢᠴᠤᠳ ᠶᠧᠷᠦ᠋ᠰᠠᠯᠧᠮ ᠳᠤ ᠣᠴᠢᠵᠤ᠂ ᠨᠥᠭᠥᠭᠡ ᠮᠠᠭᠤ ᠲᠡᠷᠰᠯᠡᠭᠦᠦ ᠬᠣᠲᠠ ᠶᠢ ᠰᠡᠷᠭᠦᠭᠡᠵᠦ ᠪᠠᠢᠬᠤ ᠶᠢ ᠬᠠᠭᠠᠨ ᠳᠤ ᠮᠡᠳᠡᠭᠦᠯᠦᠶ᠎ᠡ︕ ᠲᠡᠳᠡ ᠬᠡᠷᠡᠮ ᠢ ᠨᠢ ᠪᠠᠷᠢᠵᠤ ᠳᠠᠭᠤᠰᠬᠠᠭᠠᠳ ᠰᠠᠭᠤᠷᠢ ᠶᠢ ᠨᠢ ᠵᠠᠰᠠᠵᠤ ᠪᠠᠢᠨ᠎ᠠ︕ 13 ᠲᠡᠷᠡ ᠬᠣᠲᠠ ᠶᠢ ᠳᠠᠬᠢᠨ ᠪᠣᠰᠬᠠᠵᠤ᠂ ᠬᠡᠷᠡᠮ ᠤᠳ ᠢ ᠨᠢ ᠪᠠᠷᠢᠵᠤ ᠳᠠᠭᠤᠰᠬᠠᠬᠤ ᠶᠤᠮ ᠪᠣᠯ ᠲᠡᠳᠡ ᠠᠯᠪᠠ ᠭᠤᠪᠴᠢᠭᠤᠷ᠂ ᠭᠠᠢᠯᠢ᠂ ᠲᠠᠲᠠᠪᠤᠷᠢ ᠲᠥᠯᠥᠬᠦ ᠦᠭᠡᠢ ᠪᠣᠯᠣᠨ᠎ᠠ ᠭᠡᠳᠡᠭ ᠢ ᠬᠠᠭᠠᠨ ᠳᠤ ᠮᠡᠳᠡᠭᠦᠯᠦᠶ᠎ᠡ︕ ᠲᠡᠭᠡᠪᠡᠯ ᠬᠠᠭᠠᠳ ᠤᠨ ᠣᠷᠣᠯᠭ᠎ᠠ ᠴᠤ ᠬᠠᠰᠤᠭᠳᠠᠬᠤ ᠪᠣᠯᠣᠨ᠎ᠠ︕ 14 ᠪᠢᠳᠡ ᠬᠠᠭᠠᠨ ᠤ ᠣᠷᠳᠣᠨ ᠤ ᠳᠠᠪᠤᠰᠤ ᠶᠢ ᠬᠦᠷᠲᠡᠳᠡᠭ ᠤᠴᠢᠷ ᠠᠴᠠ ᠬᠠᠭᠠᠨ ᠤ ᠳᠣᠷᠣᠮᠵᠢᠯᠠᠭᠳᠠᠬᠤ ᠶᠢ ᠦᠵᠡᠵᠦ ᠲᠦᠪᠳᠡᠬᠦ ᠦᠭᠡᠢ ᠡᠨᠡ ᠵᠠᠬᠢᠳᠠᠯ ᠢ ᠢᠯᠡᠭᠡᠨ ᠬᠠᠭᠠᠨ ᠳᠤ ᠮᠡᠳᠡᠭᠳᠡᠵᠦ ᠪᠠᠢᠨ᠎ᠠ᠃ 15 ᠬᠡᠷᠪᠡ ᠲᠠ ᠡᠴᠢᠭᠡ ᠡᠪᠦᠭᠡᠳ ᠦᠨ ᠢᠶᠠᠨ ᠪᠢᠴᠢᠮᠡᠯ ᠬᠠᠳᠠᠭᠠᠯᠠᠬᠤ ᠭᠠᠵᠠᠷ ᠠᠴᠠ ᠯᠠᠪᠯᠠᠭᠤᠯᠪᠠᠯ ᠲᠡᠷᠡ ᠬᠣᠲᠠ ᠲᠡᠷᠰᠯᠡᠭᠦᠦ ᠪᠣᠯᠬᠣᠷ ᠬᠠᠭᠠᠳ ᠪᠣᠯᠣᠨ ᠨᠤᠲᠤᠭ ᠣᠷᠣᠨ ᠳᠤ ᠬᠣᠬᠢᠷᠠᠯ ᠤᠴᠠᠷᠠᠭᠤᠯᠵᠤ ᠪᠠᠢᠭᠰᠠᠨ ᠢ ᠣᠯᠵᠤ ᠮᠡᠳᠡᠬᠦ ᠪᠣᠯᠣᠨ᠎ᠠ᠃ ᠲᠡᠳᠡ ᠡᠷᠲᠡ ᠴᠠᠭ ᠠᠴᠠ ᠬᠣᠲᠠ ᠳᠣᠲᠣᠷ᠎ᠠ ᠪᠠᠨ ᠤᠷᠪᠠᠯᠭᠠᠨ ᠳᠡᠭᠳᠡᠭᠡᠵᠦ ᠪᠠᠢᠭᠰᠠᠨ ᠢᠶᠠᠷ ᠲᠡᠷᠡ ᠬᠣᠲᠠ ᠤᠰᠠᠳᠬᠤ ᠳᠤ ᠬᠦᠷᠦᠭᠰᠡᠨ ᠶᠤᠮ᠃ 16 ᠬᠡᠷᠪᠡ ᠲᠡᠷᠡ ᠬᠣᠲᠠ ᠶᠢ ᠳᠠᠬᠢᠨ ᠪᠣᠰᠬᠠᠵᠤ᠂ ᠬᠡᠷᠡᠮ ᠢ ᠨᠢ ᠪᠠᠷᠢᠵᠤ ᠳᠠᠭᠤᠰᠪᠠᠯ᠂ ᠲᠠ ᠡᠶᠦ᠋ᠹᠷᠠᠲ᠋ᠧᠰ ᠮᠥᠷᠡᠨ ᠦ ᠥᠷᠥᠨ᠎ᠡ ᠵᠦᠭ ᠲᠦ ᠶᠠᠮᠠᠷ ᠴᠤ ᠡᠵᠡᠮᠰᠢᠯ ᠦᠭᠡᠢ ᠪᠣᠯᠣᠨ᠎ᠠ ᠭᠡᠳᠡᠭ ᠢ ᠪᠢᠳᠡ ᠬᠠᠭᠠᠨ ᠲᠠᠨ ᠳᠤ ᠮᠡᠳᠡᠭᠳᠡᠶ᠎ᠡ》 ᠭᠡᠪᠡ᠃

17 ᠬᠠᠭᠠᠨ ᠬᠠᠷᠢᠭᠤ ᠢᠯᠡᠭᠡᠪᠡ᠄ 《ᠵᠠᠬᠢᠷᠤᠭᠴᠢ ᠷᠧᠾᠦ᠋ᠮ᠂ ᠪᠢᠴᠢᠭᠡᠴᠢ ᠰᠢᠮᠱᠠᠢ᠂ ᠮᠥᠨ ᠰᠠᠮᠠᠷᠢᠶ᠎ᠠ ᠬᠢᠭᠡᠳ ᠡᠶᠦ᠋ᠹᠷᠠᠲ᠋ᠧᠰ ᠮᠥᠷᠡᠨ ᠦ ᠥᠷᠥᠨ᠎ᠡ ᠲᠠᠯ᠎ᠠ ᠳᠤ ᠰᠠᠭᠤᠳᠠᠭ ᠲᠡᠳᠡᠨ ᠦ ᠪᠤᠰᠤᠳ ᠬᠠᠮᠲᠤᠷᠠᠭᠴᠢᠳ ᠲᠤ ᠠᠮᠤᠷ ᠲᠠᠢᠪᠤᠩ ᠪᠠᠢᠬᠤ ᠪᠣᠯᠲᠤᠭᠠᠢ︕ 18 ᠲᠠ ᠨᠠᠷ ᠤᠨ ᠢᠯᠡᠭᠡᠭᠰᠡᠨ ᠵᠠᠬᠢᠳᠠᠯ ᠮᠢᠨᠦ ᠡᠮᠦᠨ᠎ᠡ ᠣᠷᠴᠢᠭᠤᠯᠤᠭᠳᠠᠵᠤ ᠤᠩ᠋ᠰᠢᠭᠳᠠᠭᠰᠠᠨ ᠪᠢᠯᠡ᠃ 19 ᠪᠢ ᠵᠠᠷᠯᠢᠭ ᠭᠠᠷᠭᠠᠵᠤ ᠯᠠᠪᠯᠠᠭᠤᠯᠤᠭᠰᠠᠨ ᠳᠤ᠂ ᠲᠡᠷᠡ ᠬᠣᠲᠠ ᠡᠷᠲᠡ ᠴᠠᠭ ᠠᠴᠠ ᠬᠠᠭᠠᠳ ᠤᠨ ᠡᠰᠡᠷᠭᠦ ᠪᠣᠰᠴᠤ ᠪᠠᠢᠭᠰᠠᠨ ᠪᠥᠭᠡᠳ ᠲᠡᠷᠡ ᠬᠣᠲᠠ ᠶᠢᠨ ᠳᠣᠲᠣᠷ᠎ᠠ ᠤᠷᠪᠠᠯᠭᠠᠨ ᠪᠣᠰᠣᠯᠭ᠎ᠠ ᠳᠡᠭᠳᠡᠵᠦ ᠪᠠᠢᠭᠰᠠᠨ ᠭᠡᠳᠡᠭ ᠢ᠂ 20 ᠮᠥᠨ ᠳᠡᠭᠡᠷ᠎ᠡ ᠦᠶ᠎ᠡ ᠳᠦ ᠶᠧᠷᠦ᠋ᠰᠠᠯᠧᠮ ᠤᠨ ᠬᠦᠴᠦᠷᠬᠡᠭ ᠬᠠᠭᠠᠳ ᠡᠶᠦ᠋ᠹᠷᠠᠲ᠋ᠧᠰ ᠮᠥᠷᠡᠨ ᠦ ᠥᠷᠥᠨ᠎ᠡ ᠳᠠᠬᠢ ᠪᠦᠬᠦ ᠭᠠᠵᠠᠷ ᠢ ᠵᠠᠬᠢᠷᠴᠤ᠂ ᠥᠪᠡᠷᠰᠡᠳ ᠲᠡᠭᠡᠨ ᠠᠯᠪᠠ ᠭᠤᠪᠴᠢᠭᠤᠷ᠂ ᠭᠠᠢᠯᠢ ᠪᠠ ᠲᠠᠲᠠᠪᠤᠷᠢ ᠲᠥᠯᠥᠭᠦᠯᠵᠦ ᠪᠠᠢᠭᠰᠠᠨ ᠭᠡᠳᠡᠭ ᠢ ᠣᠯᠵᠤ ᠮᠡᠳᠡᠯ᠎ᠡ᠃ 21 ᠣᠳᠣ ᠲᠠ ᠨᠠᠷ ᠵᠠᠷᠯᠢᠭ ᠪᠠᠭᠤᠯᠭᠠᠵᠤ ᠲᠡᠷᠡ ᠬᠥᠮᠦᠰ ᠦᠨ ᠠᠵᠢᠯ ᠢ ᠵᠣᠭᠰᠣᠭ᠎ᠠ᠂ ᠮᠢᠨᠦ ᠵᠠᠷᠯᠢᠭ ᠭᠠᠷᠬᠤ ᠠᠴᠠ ᠨᠠᠰᠢ ᠲᠡᠷᠡ ᠬᠣᠲᠠ ᠶᠢ ᠪᠣᠰᠬᠠᠵᠤ ᠪᠣᠯᠬᠤ ᠦᠭᠡᠢ᠃ 22 ᠡᠨᠡ ᠬᠡᠷᠡᠭ ᠲᠦ ᠬᠠᠢᠩ᠋ᠭᠤ ᠬᠠᠨᠳᠤᠬᠤ ᠠᠴᠠ ᠪᠣᠯᠭᠣᠮᠵᠢᠯᠠ᠃ ᠡᠨᠡ ᠬᠣᠣᠷ ᠬᠥᠨᠥᠭᠡᠯ ᠢ ᠶᠡᠬᠡᠰᠭᠡᠵᠦ ᠬᠠᠭᠠᠳ ᠲᠤ ᠬᠣᠬᠢᠷᠠᠯ ᠤᠴᠠᠷᠠᠭᠤᠯᠵᠤ ᠶᠠᠭᠠᠬᠢᠬᠤ ᠪᠤᠢ︖》 ᠭᠡᠵᠡᠢ᠃

23 ᠠᠷᠲ᠋ᠠᠱᠠᠰᠲ᠋ᠠ ᠬᠠᠭᠠᠨ ᠤ ᠪᠢᠴᠢᠭ ᠤᠨ ᠬᠠᠭᠤᠯᠪᠤᠷᠢ ᠶᠢ ᠷᠧᠾᠦ᠋ᠮ᠂ ᠪᠢᠴᠢᠭᠡᠴᠢ ᠰᠢᠮᠱᠠᠢ ᠪᠣᠯᠣᠨ ᠲᠡᠳᠡᠨ ᠦ ᠬᠠᠮᠲᠤᠷᠠᠭᠴᠢᠳ ᠤᠨ ᠡᠮᠦᠨ᠎ᠡ ᠤᠩ᠋ᠰᠢᠮᠠᠭᠴᠠ ᠲᠡᠳᠡ ᠶᠧᠷᠦ᠋ᠰᠠᠯᠧᠮ ᠳᠠᠬᠢ ᠶᠦᠳᠠᠢᠴᠤᠳ ᠤᠷᠤᠭᠤ ᠲᠦᠷᠭᠡᠨ ᠣᠴᠢᠵᠤ᠂ ᠵᠡᠪᠰᠡᠭ ᠦᠨ ᠬᠦᠴᠦ ᠪᠡᠷ ᠠᠵᠢᠯ ᠢ ᠨᠢ ᠵᠣᠭᠰᠣᠭᠠᠪᠠ᠃ 24 ᠲᠡᠢᠨ ᠬᠦ ᠶᠧᠷᠦ᠋ᠰᠠᠯᠧᠮ ᠳᠠᠬᠢ ᠪᠤᠷᠬᠠᠨ ᠤ ᠥᠷᠭᠥᠭᠡᠨ ᠦ ᠠᠵᠢᠯ ᠫᠧᠷᠰ ᠤᠨ ᠬᠠᠭᠠᠨ ᠳ᠋ᠠᠷᠢᠶᠦ᠋ ᠶᠢᠨ ᠬᠠᠭᠠᠨᠴᠢᠯᠠᠯ ᠤᠨ ᠬᠣᠶᠠᠳᠤᠭᠠᠷ ᠣᠨ ᠬᠦᠷᠲᠡᠯ᠎ᠡ ᠵᠣᠭᠰᠣᠭᠰᠠᠨ ᠪᠠᠢᠪᠠ᠃