ᠡᠽᠷᠠ ᠵᠢᠷᠭᠤᠭ᠎ᠠ
ᠺᠦᠷᠣᠰ ᠬᠠᠭᠠᠨ ᠤ ᠵᠠᠷᠯᠢᠭ ᠤᠯᠳᠠᠪᠠ
1 ᠳ᠋ᠠᠷᠢᠶᠦ᠋ ᠬᠠᠭᠠᠨ ᠵᠠᠷᠯᠢᠭ ᠪᠠᠭᠤᠯᠭᠠᠵᠤ᠂ ᠪᠠᠪᠢᠯᠣᠨ ᠳᠠᠶᠠᠭᠠᠷ ᠤᠨ ᠪᠢᠴᠢᠮᠡᠯ ᠬᠠᠳᠠᠭᠠᠯᠠᠬᠤ ᠭᠠᠵᠠᠷ ᠤᠳ ᠠᠴᠠ ᠯᠠᠪᠯᠠᠭᠤᠯᠬᠤ ᠳᠤ᠂ 2 ᠮᠧᠳᠢᠶᠠ ᠮᠤᠵᠢ ᠤᠨ ᠡᠺᠪᠠᠲᠠᠨᠠ ᠳᠠᠬᠢ ᠣᠷᠳᠣᠨ ᠠᠴᠠ ᠨᠢᠭᠡ ᠬᠤᠢᠯᠠᠮᠠᠯ ᠪᠢᠴᠢᠭ ᠣᠯᠳᠠᠭᠰᠠᠨ ᠪᠥᠭᠡᠳ ᠳᠣᠲᠣᠷ᠎ᠠ ᠨᠢ ᠳᠠᠷᠠᠭᠠᠬᠢ ᠵᠦᠢᠯ ᠢ ᠪᠢᠴᠢᠭᠰᠡᠨ ᠪᠠᠢᠪᠠ᠄ 《ᠲᠣᠪᠴᠢ ᠲᠡᠮᠳᠡᠭᠯᠡᠯ᠄ 3 ᠺᠦᠷᠣᠰ ᠬᠠᠭᠠᠨ ᠤ ᠠᠩ᠋ᠬᠠᠳᠤᠭᠠᠷ ᠣᠨ ᠳᠤ ᠺᠦᠷᠣᠰ ᠬᠠᠭᠠᠨ ᠶᠧᠷᠦ᠋ᠰᠠᠯᠧᠮ ᠳᠠᠬᠢ ᠪᠤᠷᠬᠠᠨ ᠤ ᠥᠷᠭᠥᠭᠡᠨ ᠦ ᠲᠤᠬᠠᠢ ᠵᠠᠷᠯᠢᠭ ᠪᠠᠭᠤᠯᠭᠠᠵᠠᠢ᠄ 〈ᠲᠡᠷᠡ ᠥᠷᠭᠥᠭᠡ ᠶᠢ ᠲᠠᠬᠢᠯ ᠡᠷᠭᠦᠬᠦ ᠭᠠᠵᠠᠷ ᠪᠣᠯᠭᠠᠵᠤ ᠪᠣᠰᠬᠠᠨ᠂ ᠰᠠᠭᠤᠷᠢ ᠶᠢ ᠨᠢ ᠲᠠᠯᠪᠢᠭᠲᠤᠨ︕ ᠥᠷᠭᠥᠭᠡᠨ ᠦ ᠥᠨᠳᠥᠷ ᠢ ᠵᠢᠷᠠᠨ ᠲᠣᠬᠣᠢ᠂ ᠥᠷᠭᠡᠨ ᠢ ᠵᠢᠷᠠᠨ ᠲᠣᠬᠣᠢ ᠪᠠᠢᠯᠭᠠᠵᠤ᠂ 4 ᠭᠤᠷᠪᠠᠨ ᠳᠠᠪᠬᠤᠷ ᠵᠠᠰᠠᠭᠰᠠᠨ ᠴᠢᠯᠠᠭᠤ᠂ ᠨᠢᠭᠡ ᠳᠠᠪᠬᠤᠷ ᠳ᠋ᠦᠨᠵᠡ ᠪᠡᠷ ᠪᠠᠷᠢᠭᠲᠤᠨ︕ ᠵᠠᠷᠤᠳᠠᠯ ᠢ ᠨᠢ ᠬᠠᠭᠠᠨ ᠤ ᠰᠠᠩ ᠠᠴᠠ ᠭᠠᠷᠭ᠎ᠠ︕ 5 ᠮᠥᠨ ᠶᠧᠷᠦ᠋ᠰᠠᠯᠧᠮ ᠳᠠᠬᠢ ᠣᠷᠳᠣᠨ ᠠᠴᠠ ᠨᠧᠪᠦ᠋ᠺᠠᠨᠧᠽᠠᠷ ᠤᠨ ᠪᠠᠪᠢᠯᠣᠨ ᠤᠷᠤᠭᠤ ᠠᠪᠠᠴᠢᠭᠰᠠᠨ᠂ ᠪᠤᠷᠬᠠᠨ ᠤ ᠥᠷᠭᠥᠭᠡᠨ ᠦ ᠠᠯᠲᠠ ᠮᠥᠩᠭᠥᠨ ᠬᠡᠷᠡᠭᠰᠡᠯ ᠤᠳ ᠢ ᠶᠧᠷᠦ᠋ᠰᠠᠯᠧᠮ ᠳᠠᠬᠢ ᠣᠷᠳᠣᠨ ᠤᠷᠤᠭᠤ᠂ ᠤᠤᠯ ᠤᠨ ᠭᠠᠵᠠᠷ ᠲᠤᠨᠢ ᠪᠤᠴᠠᠭᠠᠵᠤ᠂ ᠪᠤᠷᠬᠠᠨ ᠤ ᠥᠷᠭᠥᠭᠡᠨ ᠳᠦ ᠲᠠᠯᠪᠢᠬᠤ ᠶᠣᠰᠣᠲᠠᠢ᠃〉》
ᠳ᠋ᠠᠷᠢᠶᠦ᠋ ᠬᠠᠭᠠᠨ ᠤ ᠵᠠᠷᠯᠢᠭ
6 《ᠣᠳᠣ ᠡᠶᠦ᠋ᠹᠷᠠᠲ᠋ᠧᠰ ᠮᠥᠷᠡᠨ ᠦ ᠥᠷᠥᠨ᠎ᠡ ᠲᠠᠯ᠎ᠠ ᠶᠢᠨ ᠵᠠᠬᠢᠷᠤᠭᠴᠢ ᠲᠠᠲ᠋ᠧᠨᠠᠢ᠂ ᠱᠠᠸᠠᠲ᠋ᠠᠷ ᠪᠣᠽᠧᠨᠠᠢ ᠪᠣᠯᠣᠨ ᠬᠠᠮᠲᠤᠷᠠᠭᠴᠢᠳ ᠨᠢ ᠪᠣᠯᠬᠤ ᠲᠠ ᠨᠠᠷ ᠲᠡᠷᠡ ᠬᠡᠷᠡᠭ ᠡᠴᠡ ᠬᠣᠯᠠ ᠪᠠᠢᠵᠠᠭ᠎ᠠ︕ 7 ᠪᠤᠷᠬᠠᠨ ᠤ ᠥᠷᠭᠥᠭᠡᠨ ᠦ ᠠᠵᠢᠯ ᠢ ᠬᠠᠮᠢᠶᠠᠷᠬᠤ ᠬᠡᠷᠡᠭ ᠦᠭᠡᠢ᠃ ᠶᠦᠳᠠᠢᠴᠤᠳ ᠤᠨ ᠵᠠᠬᠢᠷᠤᠭᠴᠢ ᠪᠠ ᠶᠦᠳᠠᠢᠴᠤᠳ ᠤᠨ ᠠᠬᠠᠯᠠᠭᠴᠢᠳ ᠪᠤᠷᠬᠠᠨ ᠤ ᠡᠨᠡ ᠥᠷᠭᠥᠭᠡ ᠶᠢ ᠪᠠᠢᠷᠢᠨ ᠳᠡᠭᠡᠷ᠎ᠡ ᠨᠢ ᠪᠠᠷᠢᠭ᠃ 8 ᠪᠤᠷᠬᠠᠨ ᠤ ᠡᠨᠡ ᠥᠷᠭᠥᠭᠡ ᠶᠢ ᠳᠠᠬᠢᠨ ᠪᠠᠷᠢᠬᠤ ᠠᠵᠢᠯ ᠳᠤ ᠪᠠᠢᠭ᠎ᠠ ᠶᠦᠳᠠ ᠶᠢᠨ ᠡᠳᠡᠭᠡᠷ ᠠᠬᠠᠯᠠᠭᠴᠢᠳ ᠲᠤ ᠲᠠ ᠨᠠᠷ ᠤᠨ ᠶᠠᠭᠤ ᠬᠢᠬᠦ ᠲᠤᠬᠠᠢ ᠵᠠᠷᠯᠢᠭ ᠢ ᠪᠢ ᠭᠠᠷᠭᠠᠵᠤ ᠪᠠᠢᠨ᠎ᠠ᠃ ᠡᠳᠡᠭᠡᠷ ᠬᠥᠮᠦᠰ ᠲᠦ ᠪᠦᠬᠦ ᠵᠠᠷᠤᠳᠠᠯ ᠢ ᠬᠠᠭᠠᠨ ᠤ ᠰᠠᠩ ᠠᠴᠠ᠂ ᠡᠶᠦ᠋ᠹᠷᠠᠲ᠋ᠧᠰ ᠮᠥᠷᠡᠨ ᠦ ᠥᠷᠥᠨ᠎ᠡ ᠲᠠᠯ᠎ᠠ ᠶᠢᠨ ᠨᠤᠲᠤᠭ ᠠᠴᠠ ᠬᠤᠷᠢᠶᠠᠭᠰᠠᠨ ᠲᠠᠲᠠᠪᠤᠷᠢ ᠡᠴᠡ ᠬᠣᠢᠰᠢᠯᠠᠭᠤᠯᠤᠯ ᠦᠭᠡᠢ ᠪᠠᠷ ᠥᠭᠬᠦ ᠶᠣᠰᠣᠲᠠᠢ᠃ 9 ᠲᠡᠳᠡᠨ ᠳᠦ ᠬᠡᠷᠡᠭ ᠲᠡᠢ ᠪᠦᠬᠦᠨ ᠢ᠂ ᠲᠩᠷᠢ ᠶᠢᠨ ᠪᠤᠷᠬᠠᠨ ᠳᠤ ᠰᠢᠲᠠᠭᠠᠯᠭᠠᠲᠤ ᠲᠠᠬᠢᠯ ᠪᠣᠯᠭᠠᠵᠤ ᠡᠷᠭᠦᠬᠦ ᠵᠠᠯᠠᠭᠤ ᠪᠤᠬ᠎ᠠ᠂ ᠬᠤᠴᠠ᠂ ᠬᠤᠷᠠᠭ᠎ᠠ ᠨᠤᠭᠤᠳ᠂ ᠮᠥᠨ ᠤᠯᠠᠭᠠᠨ ᠪᠤᠭᠤᠳᠠᠢ᠂ ᠳᠠᠪᠤᠰᠤ᠂ ᠳᠠᠷᠠᠰᠤ᠂ ᠲᠣᠰᠣ ᠵᠡᠷᠭᠡ ᠶᠢ ᠶᠧᠷᠦ᠋ᠰᠠᠯᠧᠮ ᠳᠠᠬᠢ ᠲᠠᠬᠢᠯᠴᠢᠳ ᠤᠨ ᠬᠦᠰᠡᠭᠰᠡᠨ ᠢᠶᠡᠷ ᠲᠡᠳᠡᠨ ᠳᠦ ᠡᠳᠦᠷ ᠪᠦᠷᠢ ᠠᠯᠳᠠᠯ ᠦᠭᠡᠢ ᠬᠠᠩ᠋ᠭᠠᠵᠤ ᠪᠠᠢ᠃ 10 ᠢᠩᠭᠢᠭᠡᠳ ᠲᠡᠳᠡ ᠲᠩᠷᠢ ᠶᠢᠨ ᠪᠤᠷᠬᠠᠨ ᠤ ᠲᠠᠭᠠᠯᠠᠬᠤ ᠲᠠᠬᠢᠯ ᠢ ᠡᠷᠭᠦᠨ᠂ ᠬᠠᠭᠠᠨ ᠪᠣᠯᠣᠨ ᠲᠡᠭᠦᠨ ᠦ ᠬᠥᠪᠡᠭᠦᠳ ᠦᠨ ᠠᠮᠢ ᠶᠢᠨ ᠲᠥᠯᠥᠭᠡ ᠳᠠᠭᠠᠳᠬᠠᠬᠤ ᠶᠢ ᠬᠦᠰᠡᠶ᠎ᠡ᠃ 11 ᠡᠨᠡ ᠵᠠᠷᠯᠢᠭ ᠢ ᠵᠥᠷᠢᠴᠡᠭᠰᠡᠨ ᠬᠥᠮᠦᠨ ᠪᠠᠢᠪᠠᠯ ᠲᠡᠭᠦᠨ ᠦ ᠪᠠᠢᠰᠢᠩ ᠤᠨ ᠨᠢᠷᠤᠭᠤ ᠶᠢ ᠰᠤᠭᠤᠯᠤᠨ ᠪᠣᠰᠬᠠᠭᠠᠳ ᠲᠡᠷᠡ ᠬᠥᠮᠦᠨ ᠢ ᠳᠡᠭᠡᠷ᠎ᠡ ᠨᠢ ᠬᠠᠳᠠᠵᠤ᠂ ᠪᠠᠢᠰᠢᠩ ᠢ ᠨᠢ ᠦᠨᠡᠰᠦᠨ ᠲᠣᠪᠷᠠᠭ ᠪᠣᠯᠭ᠎ᠠ ᠭᠡᠰᠡᠨ ᠵᠠᠷᠯᠢᠭ ᠢ ᠪᠢ ᠭᠠᠷᠭᠠᠵᠤ ᠪᠠᠢᠨ᠎ᠠ᠃ 12 ᠡᠨᠡ ᠵᠠᠷᠯᠢᠭ ᠢ ᠵᠥᠷᠢᠴᠡᠨ ᠶᠧᠷᠦ᠋ᠰᠠᠯᠧᠮ ᠳᠠᠬᠢ ᠪᠤᠷᠬᠠᠨ ᠤ ᠡᠨᠡ ᠥᠷᠭᠥᠭᠡ ᠶᠢ ᠤᠰᠠᠳᠬᠠᠬᠤ ᠪᠠᠷ ᠭᠠᠷ ᠢᠶᠠᠨ ᠰᠤᠩ᠋ᠭᠠᠭᠰᠠᠨ ᠠᠯᠢᠪᠠ ᠬᠠᠭᠠᠨ᠂ ᠡᠰᠡᠪᠡᠯ ᠦᠨᠳᠦᠰᠦᠲᠡᠨ ᠢ ᠨᠡᠷ᠎ᠡ ᠪᠡᠨ ᠲᠡᠨᠳᠡ ᠪᠠᠢᠯᠭᠠᠭᠰᠠᠨ ᠪᠤᠷᠬᠠᠨ ᠥᠪᠡᠷ ᠢᠶᠡᠨ ᠰᠥᠨᠥᠭᠡᠬᠦ ᠪᠣᠯᠲᠤᠭᠠᠢ᠃ ᠳ᠋ᠠᠷᠢᠶᠦ᠋ ᠪᠢ ᠡᠨᠡ ᠬᠦ ᠵᠠᠷᠯᠢᠭ ᠢ ᠭᠠᠷᠭᠠᠪᠠ᠃ ᠡᠨᠡ ᠵᠠᠷᠯᠢᠭ ᠢ ᠬᠣᠢᠰᠢᠯᠠᠭᠤᠯᠤᠯ ᠦᠭᠡᠢ ᠭᠦᠢᠴᠡᠳᠬᠡᠭᠲᠦᠨ︕》
ᠵᠣᠷᠢᠭᠤᠯᠤᠯᠲᠠ ᠶᠢᠨ ᠶᠣᠰᠣᠯᠠᠯ
13 ᠡᠶᠦ᠋ᠹᠷᠠᠲ᠋ᠧᠰ ᠮᠥᠷᠡᠨ ᠦ ᠥᠷᠥᠨ᠎ᠡ ᠲᠠᠯ᠎ᠠ ᠶᠢᠨ ᠵᠠᠬᠢᠷᠤᠭᠴᠢ ᠲᠠᠲ᠋ᠧᠨᠠᠢ᠂ ᠱᠠᠸᠠᠲ᠋ᠠᠷ ᠪᠣᠽᠧᠨᠠᠢ ᠪᠣᠯᠣᠨ ᠲᠡᠳᠡᠨ ᠦ ᠬᠠᠮᠲᠤᠷᠠᠭᠴᠢᠳ ᠳ᠋ᠠᠷᠢᠶᠦ᠋ ᠬᠠᠭᠠᠨ ᠤ ᠵᠠᠷᠯᠢᠭ ᠢ ᠬᠣᠢᠰᠢᠯᠠᠭᠤᠯᠤᠯ ᠦᠭᠡᠢ ᠭᠦᠢᠴᠡᠳᠬᠡᠪᠡ᠃ 14 ᠡᠰᠢ ᠦᠵᠡᠭᠦᠯᠦᠭᠴᠢ ᠬᠠᠭᠠᠢ ᠪᠠ ᠢᠳᠣ᠋ ᠶᠢᠨ ᠦᠷ᠎ᠡ ᠤᠳᠤᠮ ᠽᠧᠺᠠᠷᠢᠶ᠎ᠠ ᠶᠢᠨ ᠡᠰᠢ ᠦᠵᠡᠭᠦᠯᠦᠯᠭᠡ ᠪᠡᠷ ᠶᠦᠳᠠᠢᠴᠤᠳ ᠤᠨ ᠠᠬᠠᠯᠠᠭᠴᠢᠳ ᠠᠮᠵᠢᠯᠲᠠ ᠲᠠᠢ ᠪᠠᠷᠢᠭᠰᠠᠭᠠᠷ ᠪᠠᠢᠵᠤ᠂ ᠢᠰᠷᠧᠯ ᠤᠨ ᠪᠤᠷᠬᠠᠨ ᠤ ᠲᠤᠰᠢᠶᠠᠯ ᠶᠣᠰᠣᠭᠠᠷ ᠮᠥᠨ ᠺᠦᠷᠣᠰ᠂ ᠳ᠋ᠠᠷᠢᠶᠦ᠋᠂ ᠠᠷᠲ᠋ᠠᠱᠠᠰᠲ᠋ᠠ ᠵᠡᠷᠭᠡ ᠫᠧᠷᠰ ᠤᠨ ᠬᠠᠭᠠᠳ ᠤᠨ ᠵᠠᠷᠯᠢᠭ ᠶᠣᠰᠣᠭᠠᠷ ᠪᠠᠷᠢᠵᠤ ᠳᠠᠭᠤᠰᠬᠠᠵᠠᠢ᠃ 15 ᠡᠨᠡ ᠥᠷᠭᠥᠭᠡ ᠶᠢ ᠳ᠋ᠠᠷᠢᠶᠦ᠋ ᠬᠠᠭᠠᠨ ᠤ ᠬᠠᠭᠠᠨᠴᠢᠯᠠᠯ ᠤᠨ ᠵᠢᠷᠭᠤᠳᠤᠭᠠᠷ ᠣᠨ ᠳᠤ᠂ ᠠᠳᠠᠷ ᠰᠠᠷ᠎ᠠ ᠶᠢᠨ ᠭᠤᠷᠪᠠᠨ ᠤ ᠡᠳᠦᠷ ᠪᠠᠷᠢᠵᠤ ᠳᠠᠭᠤᠰᠬᠠᠭᠰᠠᠨ ᠪᠠᠢᠨ᠎ᠠ᠃
16 ᠲᠠᠬᠢᠯᠴᠢᠳ᠂ ᠯᠧᠸᠢᠴᠦᠳ ᠪᠣᠯᠣᠨ ᠴᠥᠯᠡᠯᠭᠡ ᠡᠴᠡ ᠢᠷᠡᠭᠰᠡᠨ ᠪᠤᠰᠤᠳ ᠢᠰᠷᠧᠯᠴᠦᠳ ᠪᠤᠷᠬᠠᠨ ᠤ ᠡᠨᠡ ᠥᠷᠭᠥᠭᠡᠨ ᠦ ᠵᠣᠷᠢᠭᠤᠯᠤᠯᠲᠠ ᠶᠢᠨ ᠶᠣᠰᠣᠯᠠᠯ ᠢ ᠪᠠᠶᠠᠷ ᠬᠥᠷ ᠲᠡᠢ ᠪᠠᠷ ᠲᠡᠮᠳᠡᠭᠯᠡᠪᠡ᠃ 17 ᠲᠡᠳᠡ ᠪᠤᠷᠬᠠᠨ ᠤ ᠡᠨᠡ ᠥᠷᠭᠥᠭᠡᠨ ᠦ ᠵᠣᠷᠢᠭᠤᠯᠤᠯᠲᠠ ᠶᠢᠨ ᠶᠣᠰᠣᠯᠠᠯ ᠳᠤ ᠵᠠᠭᠤᠨ ᠪᠤᠬ᠎ᠠ᠂ ᠬᠣᠶᠠᠷ ᠵᠠᠭᠤᠨ ᠬᠤᠴᠠ᠂ ᠳᠥᠷᠪᠡᠨ ᠵᠠᠭᠤᠨ ᠬᠤᠷᠠᠭ᠎ᠠ᠂ ᠮᠥᠨ ᠪᠦᠬᠦ ᠢᠰᠷᠧᠯ ᠤᠨ ᠨᠢᠭᠦᠯ ᠦᠨ ᠲᠠᠬᠢᠯ ᠳᠤ ᠢᠰᠷᠧᠯ ᠤᠨ ᠣᠪᠣᠭ ᠤᠳ ᠤᠨ ᠲᠣᠭ᠎ᠠ ᠪᠠᠷ ᠠᠷᠪᠠᠨ ᠬᠣᠶᠠᠷ ᠤᠬᠤᠨ᠎ᠠ ᠡᠷᠭᠦᠪᠡ᠃ 18 ᠲᠡᠭᠡᠭᠡᠳ ᠲᠡᠳᠡ ᠮᠣᠰᠧ ᠶᠢᠨ ᠨᠣᠮ ᠳᠤ ᠪᠢᠴᠢᠭᠳᠡᠭᠰᠡᠨ ᠶᠣᠰᠣᠭᠠᠷ ᠶᠧᠷᠦ᠋ᠰᠠᠯᠧᠮ ᠳᠤ ᠲᠠᠬᠢᠯᠴᠢᠳ ᠢ ᠪᠦᠯᠦᠭ ᠤᠳ ᠢᠶᠠᠷ ᠨᠢ᠂ ᠯᠧᠸᠢᠴᠦᠳ ᠢ ᠪᠠᠭ ᠤᠳ ᠢᠶᠠᠷ ᠨᠢ ᠪᠤᠷᠬᠠᠨ ᠳᠤ ᠦᠢᠯᠡᠴᠢᠯᠡᠭᠦᠯᠬᠦ ᠪᠡᠷ ᠲᠣᠮᠢᠯᠠᠪᠠ᠃
ᠭᠡᠲᠦᠯᠭᠡᠭᠰᠡᠨ ᠦ ᠪᠠᠶᠠᠷ ᠢ ᠲᠡᠮᠳᠡᠭᠯᠡᠪᠡ
19 ᠴᠥᠯᠡᠯᠭᠡ ᠡᠴᠡ ᠢᠷᠡᠭᠰᠡᠳ ᠨᠢᠭᠡᠳᠦᠭᠡᠷ ᠰᠠᠷ᠎ᠠ ᠶᠢᠨ ᠠᠷᠪᠠᠨ ᠳᠥᠷᠪᠡᠨ ᠳᠦ᠂ ᠭᠡᠲᠦᠯᠭᠡᠭᠰᠡᠨ ᠦ ᠪᠠᠶᠠᠷ ᠢ ᠲᠡᠮᠳᠡᠭᠯᠡᠪᠡ᠃ 20 ᠲᠠᠬᠢᠯᠴᠢᠳ ᠪᠣᠯᠣᠨ ᠯᠧᠸᠢᠴᠦᠳ ᠬᠠᠮᠲᠤ ᠳᠠᠭᠠᠨ ᠪᠡᠶ᠎ᠡ ᠪᠡᠨ ᠴᠡᠪᠡᠷᠰᠢᠭᠦᠯᠦᠭᠰᠡᠨ ᠲᠤᠯᠠ ᠪᠦᠭᠦᠳᠡᠭᠡᠷ ᠢᠶᠡᠨ ᠴᠡᠪᠡᠷ ᠪᠠᠢᠪᠠ᠃ ᠯᠧᠸᠢᠴᠦᠳ ᠴᠥᠯᠡᠯᠭᠡ ᠡᠴᠡ ᠢᠷᠡᠭᠰᠡᠨ ᠪᠦᠭᠦᠳᠡ ᠶᠢᠨ ᠲᠥᠯᠥᠭᠡ᠂ ᠮᠥᠨ ᠠᠬ᠎ᠠ ᠳᠡᠭᠦᠦᠰ ᠪᠣᠯᠬᠤ ᠲᠠᠬᠢᠯᠴᠢᠳ ᠪᠣᠯᠣᠨ ᠥᠪᠡᠷᠰᠡᠳ ᠦᠨ ᠢᠶᠠᠨ ᠲᠥᠯᠥᠭᠡ ᠭᠡᠲᠦᠯᠭᠡᠭᠰᠡᠨ ᠦ ᠪᠠᠶᠠᠷ ᠤᠨ ᠬᠤᠷᠠᠭ᠎ᠠ ᠶᠢ ᠨᠢᠳᠤᠯᠤᠭᠰᠠᠨ ᠳᠤ᠂ 21 ᠴᠥᠯᠡᠯᠭᠡ ᠡᠴᠡ ᠪᠤᠴᠠᠵᠤ ᠢᠷᠡᠭᠰᠡᠨ ᠢᠰᠷᠧᠯᠴᠦᠳ ᠢᠰᠷᠧᠯ ᠤᠨ ᠪᠤᠷᠬᠠᠨ ᠶᠣᠬᠣᠸᠠ ᠳᠤ ᠮᠥᠷᠭᠥᠬᠦ ᠭᠡᠵᠦ ᠬᠠᠷᠢᠴᠤᠳ ᠤᠨ ᠪᠤᠵᠠᠷ ᠠᠴᠠ ᠪᠡᠶ᠎ᠡ ᠪᠡᠨ ᠲᠤᠰᠠᠭᠠᠷᠯᠠᠭᠰᠠᠨ ᠲᠡᠷᠡ ᠭᠠᠵᠠᠷ ᠤᠨ ᠪᠦᠬᠦ ᠬᠥᠮᠦᠨ ᠲᠡᠢ ᠬᠠᠮᠲᠤ ᠵᠣᠭᠣᠭ ᠪᠠᠷᠢᠭᠰᠠᠨ ᠪᠠᠢᠯ᠎ᠠ᠃ 22 ᠲᠡᠢᠨ ᠬᠦ ᠲᠡᠳᠡ ᠢᠰᠭᠡᠭᠡ ᠦᠭᠡᠢ ᠪᠣᠣᠪᠣ ᠶᠢᠨ ᠪᠠᠶᠠᠷ ᠢ ᠳᠣᠯᠣᠭᠠᠨ ᠬᠣᠨᠣᠭ ᠪᠠᠶᠠᠷ ᠬᠥᠷ ᠲᠡᠢ ᠪᠠᠷ ᠲᠡᠮᠳᠡᠭᠯᠡᠭᠰᠡᠨ ᠪᠠᠢᠨ᠎ᠠ᠃ ᠶᠣᠬᠣᠸᠠ ᠠᠰᠢᠷᠢᠶ᠎ᠠ ᠶᠢᠨ ᠬᠠᠭᠠᠨ ᠤ ᠵᠢᠷᠦᠬᠡ ᠶᠢ ᠲᠡᠳᠡᠨ ᠤᠷᠤᠭᠤ ᠡᠷᠭᠢᠭᠦᠯᠵᠦ᠂ ᠢᠰᠷᠧᠯ ᠤᠨ ᠪᠤᠷᠬᠠᠨ᠂ ᠲᠡᠷᠡ ᠪᠤᠷᠬᠠᠨ ᠤ ᠥᠷᠭᠥᠭᠡ ᠶᠢ ᠪᠣᠰᠬᠠᠬᠤ ᠠᠵᠢᠯ ᠢ ᠳᠡᠮᠵᠢᠭᠦᠯᠦᠨ᠂ ᠲᠡᠳᠡᠨ ᠢ ᠤᠷᠮᠠᠰᠢᠭᠤᠯᠤᠭᠰᠠᠨ ᠶᠤᠮ᠃