1 2 3 4 5 6 7 8 9 10


ᠡᠽᠷᠠ ᠠᠷᠪᠠ
 ᠠᠷᠠᠳ ᠲᠦᠮᠡᠨ ᠨᠢᠭᠦᠯ ᠢᠶᠡᠨ ᠤᠯᠠᠢᠪᠠ

1 ᠡᠽᠷᠠ ᠪᠤᠷᠬᠠᠨ ᠤ ᠥᠷᠭᠥᠭᠡᠨ ᠦ ᠡᠮᠦᠨ᠎ᠡ ᠰᠤᠨᠤᠨ ᠮᠥᠷᠭᠥᠵᠦ ᠤᠬᠢᠯᠠᠭᠰᠠᠭᠠᠷ ᠨᠢᠭᠦᠯ ᠢᠶᠡᠨ ᠥᠴᠢᠨ ᠳᠠᠭᠠᠳᠬᠠᠵᠤ ᠪᠠᠢᠬᠤ ᠳᠤ᠂ ᠡᠷᠡᠭᠲᠡᠢᠴᠦᠳ᠂ ᠡᠮᠡᠭᠲᠡᠢᠴᠦᠳ᠂ ᠬᠡᠦᠬᠡᠳ ᠤᠳ ᠪᠣᠯᠣᠨ ᠢᠰᠷᠧᠯ ᠤᠨ ᠦᠢ ᠣᠯᠠᠨ ᠲᠡᠭᠦᠨ ᠤᠷᠤᠭᠤ ᠴᠤᠭᠯᠠᠷᠠᠵᠠᠢ᠃ ᠲᠡᠳᠡ ᠴᠤ ᠭᠠᠰᠢᠭᠤᠨ ᠢᠶᠠᠷ ᠤᠬᠢᠯᠠᠵᠠᠭᠠᠪᠠ᠃ 2 ᠡᠯᠠᠮ ᠤᠨ ᠦᠷ᠎ᠡ ᠤᠳᠤᠮ ᠤᠨ ᠨᠢᠭᠡ᠂ ᠶᠧᠾᠢᠶᠧᠯ ᠤᠨ ᠬᠦᠦ ᠱᠧᠺᠠᠨᠢᠶ᠎ᠠ ᠡᠽᠷᠠ ᠳᠤ᠄ 《ᠡᠨᠡ ᠭᠠᠵᠠᠷ ᠤᠨ ᠬᠠᠷᠢ ᠦᠨᠳᠦᠰᠦᠲᠡᠨ ᠦ ᠡᠮᠡᠭᠲᠡᠢᠴᠦᠳ ᠲᠡᠢ ᠭᠡᠷᠯᠡᠭᠰᠡᠨ ᠢᠶᠡᠷ ᠢᠶᠠᠨ ᠪᠢᠳᠡ ᠪᠤᠷᠬᠠᠨ ᠳᠠᠭᠠᠨ ᠢᠲᠡᠭᠡᠮᠵᠢ ᠦᠭᠡᠢ ᠬᠠᠨᠳᠤᠭᠰᠠᠨ ᠶᠤᠮ᠂ ᠭᠡᠪᠡᠴᠦ ᠢᠰᠷᠧᠯ ᠳᠤ ᠣᠳᠣ ᠨᠠᠢᠳᠠᠪᠤᠷᠢ ᠪᠠᠢᠨ᠎ᠠ᠃ 3 ᠣᠳᠣ ᠮᠢᠨᠦ ᠡᠵᠡᠨ᠂ ᠪᠢᠳᠡᠨ ᠦ ᠪᠤᠷᠬᠠᠨ ᠤ ᠲᠤᠰᠢᠶᠠᠯ ᠠᠴᠠ ᠡᠮᠢᠶᠡᠨ ᠴᠡᠴᠡᠷᠡᠳᠡᠭ ᠬᠥᠮᠦᠰ ᠦᠨ ᠵᠥᠪᠯᠡᠯᠭᠡ ᠶᠢ ᠳᠠᠭᠠᠵᠤ᠂ ᠲᠡᠳᠡᠭᠡᠷ ᠡᠬᠡᠨᠡᠷ ᠪᠣᠯᠣᠨ ᠲᠡᠳᠡᠨ ᠦ ᠦᠷ᠎ᠡ ᠬᠡᠦᠬᠡᠳ ᠢ ᠪᠦᠭᠦᠳᠡ ᠶᠢ ᠬᠥᠭᠡᠭᠡᠨ ᠭᠠᠷᠭᠠᠬᠤ ᠪᠠᠷ ᠪᠤᠷᠬᠠᠨ ᠲᠠᠢ ᠪᠠᠨ ᠭᠡᠷ᠎ᠡ ᠬᠢᠵᠡᠭᠡᠶ᠎ᠡ᠂ ᠬᠠᠤᠯᠢ ᠶᠢᠨ ᠳᠠᠭᠠᠤ ᠬᠢᠵᠡᠭᠡᠶ᠎ᠡ︕ 4 ᠪᠣᠰᠣᠭᠲᠤᠨ︕ ᠡᠨᠡ ᠬᠡᠷᠡᠭ ᠲᠠᠨ ᠤ ᠭᠠᠷ ᠲᠤ ᠪᠠᠢᠨ᠎ᠠ᠂ ᠪᠢᠳᠡ ᠲᠠᠨ ᠢ ᠳᠡᠮᠵᠢᠶ᠎ᠡ᠃ ᠵᠣᠷᠢᠭᠲᠠᠢ ᠪᠠᠢᠵᠤ᠂ ᠦᠢᠯᠡᠳᠦᠭᠲᠦᠨ︕》 ᠭᠡᠪᠡ᠃ 5 ᠡᠽᠷᠠ ᠪᠣᠰᠴᠤ᠂ ᠤᠳᠤᠷᠢᠳᠬᠤ ᠲᠠᠬᠢᠯᠴᠢᠳ᠂ ᠯᠧᠸᠢᠴᠦᠳ ᠪᠣᠯᠣᠨ ᠪᠦᠬᠦ ᠢᠰᠷᠧᠯ ᠢᠶᠠᠷ ᠲᠡᠷᠡ ᠦᠭᠡ ᠶᠢᠨ ᠳᠠᠭᠠᠤ ᠦᠢᠯᠡᠳᠬᠦ ᠶᠢ ᠲᠠᠩ᠋ᠭᠠᠷᠢᠭᠯᠠᠭᠤᠯᠬᠤ ᠳᠤ᠂ ᠲᠡᠳᠡ ᠲᠠᠩ᠋ᠭᠠᠷᠢᠭᠯᠠᠪᠠ᠃

6 ᠡᠽᠷᠠ ᠪᠤᠷᠬᠠᠨ ᠤ ᠥᠷᠭᠥᠭᠡᠨ ᠦ ᠡᠮᠦᠨ᠎ᠡ ᠡᠴᠡ ᠠᠶᠠᠷᠯᠠᠵᠤ᠂ ᠡᠯᠢᠶᠠᠱᠢᠪ ᠤᠨ ᠬᠦᠦ ᠶᠧᠬᠣᠬᠠᠨᠠᠨ ᠤ ᠲᠠᠩᠬᠢᠮ ᠳᠤ ᠣᠷᠣᠵᠤ ᠲᠡᠨᠳᠡ ᠬᠣᠨᠣᠪᠠ᠃ ᠲᠡᠷᠡ ᠪᠡᠷ ᠴᠥᠯᠡᠭᠳᠡᠭᠰᠡᠳ ᠦᠨ ᠢᠲᠡᠭᠡᠯ ᠦᠭᠡᠢ ᠶᠠᠪᠤᠳᠠᠯ ᠠᠴᠠ ᠪᠣᠯᠵᠤ ᠭᠠᠰᠢᠭᠤᠳᠠᠨ ᠪᠣᠣᠪᠣ ᠴᠤ ᠢᠳᠡᠭᠰᠡᠨ ᠦᠭᠡᠢ᠂ ᠤᠰᠤ ᠴᠤ ᠤᠤᠭᠤᠭᠰᠠᠨ ᠦᠭᠡᠢ᠃ 7 ᠴᠥᠯᠡᠯᠭᠡ ᠡᠴᠡ ᠢᠷᠡᠭᠰᠡᠳ ᠪᠦᠭᠦᠳᠡ ᠶᠢᠨ ᠶᠧᠷᠦ᠋ᠰᠠᠯᠧᠮ ᠳᠤ ᠴᠤᠭᠯᠠᠬᠤ ᠶᠣᠰᠣᠲᠠᠢ ᠶᠢ ᠶᠦᠳᠠ ᠪᠠ ᠶᠧᠷᠦ᠋ᠰᠠᠯᠧᠮ ᠳᠠᠶᠠᠭᠠᠷ ᠵᠠᠷᠯᠠᠭᠰᠠᠨ ᠪᠥᠭᠡᠳ 8 ᠭᠤᠷᠪᠠ ᠬᠣᠨᠣᠭ ᠤᠨ ᠳᠣᠲᠣᠷ᠎ᠠ ᠢᠷᠡᠭᠡ ᠦᠭᠡᠢ ᠬᠥᠮᠦᠨ ᠪᠣᠯᠭᠠᠨ ᠢ ᠤᠳᠤᠷᠢᠳᠤᠭᠴᠢᠳ ᠪᠠ ᠠᠬᠠᠮᠠᠳ ᠤᠳ ᠤᠨ ᠰᠢᠢᠳᠦᠭᠰᠡᠨ ᠶᠣᠰᠣᠭᠠᠷ ᠪᠦᠬᠦ ᠬᠥᠷᠥᠩᠭᠡ ᠶᠢ ᠨᠢ ᠬᠤᠷᠢᠶᠠᠵᠤ᠂ ᠴᠥᠯᠡᠯᠭᠡ ᠡᠴᠡ ᠢᠷᠡᠭᠰᠡᠳ ᠦᠨ ᠴᠢᠭᠤᠯᠭᠠᠨ ᠠᠴᠠ ᠬᠥᠭᠡᠭᠡᠬᠦ ᠪᠡᠷ ᠪᠣᠯᠪᠠ᠃

9 ᠶᠦᠳᠠ ᠪᠣᠯᠣᠨ ᠪᠢᠨᠶᠠᠮᠢᠨ ᠤ ᠡᠷᠡᠴᠦᠳ ᠪᠦᠭᠦᠳᠡᠭᠡᠷ ᠭᠤᠷᠪᠠ ᠬᠣᠨᠣᠭ ᠤᠨ ᠳᠣᠲᠣᠷ᠎ᠠ ᠶᠧᠷᠦ᠋ᠰᠠᠯᠧᠮ ᠳᠤ ᠴᠤᠭᠯᠠᠪᠠ᠃ ᠶᠢᠰᠦᠳᠦᠭᠡᠷ ᠰᠠᠷ᠎ᠠ ᠶᠢᠨ ᠬᠣᠷᠢᠨ ᠪᠣᠯᠬᠤ ᠳᠤ᠂ ᠦᠢ ᠣᠯᠠᠨ ᠬᠥᠮᠦᠨ ᠪᠦᠭᠦᠳᠡ ᠡᠨᠡ ᠶᠠᠪᠤᠳᠠᠯ ᠪᠣᠯᠣᠨ ᠪᠣᠷᠣᠭᠠᠨ ᠠᠴᠠ ᠪᠣᠯᠵᠤ ᠴᠡᠴᠡᠷᠡᠭᠰᠡᠭᠡᠷ ᠪᠤᠷᠬᠠᠨ ᠤ ᠥᠷᠭᠥᠭᠡᠨ ᠦ ᠡᠮᠦᠨᠡᠬᠢ ᠲᠠᠯᠠᠪᠠᠢ ᠳᠤ ᠰᠠᠭᠤᠵᠤ ᠪᠠᠢᠯ᠎ᠠ᠃ 10 ᠲᠠᠬᠢᠯᠴᠢ ᠡᠽᠷᠠ ᠪᠣᠰᠴᠤ᠂ ᠲᠡᠳᠡᠨ ᠳᠦ᠄ 《ᠲᠠ ᠨᠠᠷ ᠢᠲᠡᠭᠡᠮᠵᠢ ᠦᠭᠡᠢ ᠪᠠᠢᠵᠤ᠂ ᠬᠠᠷᠢ ᠡᠮᠡᠭᠲᠡᠢ ᠲᠡᠢ ᠭᠡᠷᠯᠡᠭᠰᠡᠨ ᠢᠶᠡᠷ ᠢᠶᠠᠨ ᠢᠰᠷᠧᠯ ᠤᠨ ᠭᠡᠮ ᠪᠤᠷᠤᠭᠤ ᠶᠢ ᠨᠡᠮᠡᠭᠳᠡᠭᠦᠯᠦᠭᠰᠡᠨ ᠶᠤᠮ᠃ 11 ᠣᠳᠣ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠳᠤ ᠨᠢᠭᠦᠯ ᠢᠶᠡᠨ ᠥᠴᠢᠵᠦ᠂ ᠲᠡᠭᠦᠨ ᠦ ᠰᠠᠨᠠᠭ᠎ᠠ ᠶᠢ ᠳᠠᠭᠠᠨ᠂ ᠡᠨᠡ ᠭᠠᠵᠠᠷ ᠤᠨ ᠦᠨᠳᠦᠰᠦᠲᠡᠨ ᠨᠦᠭᠦᠳ ᠡᠴᠡ᠂ ᠮᠥᠨ ᠬᠠᠷᠢ ᠡᠬᠡᠨᠡᠷ ᠤᠳ ᠠᠴᠠ ᠪᠠᠨ ᠰᠠᠯ》 ᠭᠡᠬᠦ ᠳᠦ᠂ 12 ᠪᠦᠬᠦ ᠴᠢᠭᠤᠯᠭᠠᠨ ᠴᠢᠩᠭ᠍᠎ᠠ ᠳᠠᠭᠤ ᠪᠠᠷ ᠬᠠᠷᠢᠭᠤᠯᠤᠨ᠄ 《ᠲᠡᠭᠡᠶ᠎ᠡ︕ ᠪᠢᠳᠡ ᠲᠠᠨ ᠤ ᠬᠡᠯᠡᠭᠰᠡᠨ ᠶᠣᠰᠣᠭᠠᠷ ᠬᠢᠶ᠎ᠡ᠃ 13 ᠭᠡᠪᠡᠴᠦ ᠡ᠊ᠨᠳᠡ ᠬᠥᠮᠦᠨ ᠣᠯᠠᠨ ᠪᠠᠢᠨ᠎ᠠ᠂ ᠣᠳᠣ ᠪᠣᠷᠣᠭᠠᠨ ᠤ ᠤᠯᠠᠷᠢᠯ ᠲᠤᠯᠠ ᠪᠢᠳᠡ ᠵᠠᠳᠠᠭᠠᠢ ᠭᠠᠵᠠᠷ ᠲᠤ ᠵᠣᠭᠰᠣᠭᠠᠳ ᠪᠠᠢᠵᠤ ᠴᠢᠳᠠᠬᠤ ᠦᠭᠡᠢ ᠨᠢ᠃ ᠪᠠᠰᠠ ᠪᠢᠳᠡᠨ ᠦ ᠣᠯᠠᠩᠬᠢ ᠨᠢ ᠡᠨᠡ ᠲᠠᠯ᠎ᠠ ᠪᠠᠷ ᠪᠤᠷᠤᠭᠤ ᠲᠠᠢ ᠪᠣᠯᠬᠣᠷ ᠡᠨᠡ ᠠᠰᠠᠭᠤᠳᠠᠯ ᠨᠢᠭᠡ ᠪᠤᠶᠤ ᠬᠣᠶᠠᠷ ᠡᠳᠦᠷ ᠦᠨ ᠳᠣᠲᠣᠷ᠎ᠠ ᠢᠯᠭᠠᠭᠤᠷᠢ ᠭᠠᠷᠬᠤ ᠦᠭᠡᠢ᠃ 14 ᠮᠠᠨ ᠤ ᠲᠦᠰᠢᠮᠡᠳ ᠢ ᠪᠦᠬᠦ ᠴᠢᠭᠤᠯᠭᠠᠨ ᠤ ᠲᠥᠯᠥᠭᠡᠯᠡᠭᠴᠢ ᠪᠣᠯᠭᠠᠶ᠎ᠠ᠃ ᠬᠠᠷᠢ ᠡᠮᠡᠭᠲᠡᠢ ᠲᠡᠢ ᠭᠡᠷᠯᠡᠭᠰᠡᠨ ᠮᠠᠨ ᠤ ᠬᠣᠲᠠ ᠶᠢᠨ ᠬᠢᠨ ᠪᠣᠯᠭᠠᠨ ᠢ ᠲᠣᠪᠯᠠᠭᠰᠠᠨ ᠴᠠᠭ ᠲᠤ ᠬᠣᠲᠠ ᠪᠦᠷᠢ ᠶᠢᠨ ᠠᠬᠠᠯᠠᠭᠴᠢᠳ ᠪᠣᠯᠣᠨ ᠰᠢᠭᠦᠭᠴᠢᠳ ᠲᠠᠢ ᠬᠠᠮᠲᠤ ᠡ᠊ᠨᠳᠡ ᠢᠷᠡᠭᠦᠯᠬᠦ ᠬᠡᠷᠡᠭᠲᠡᠢ᠃ ᠡᠢᠨ ᠬᠦ ᠡᠨᠡ ᠬᠡᠷᠡᠭ ᠡᠴᠡ ᠪᠣᠯᠣᠭᠰᠠᠨ ᠪᠢᠳᠡᠨ ᠦ ᠪᠤᠷᠬᠠᠨ ᠤ ᠰᠢᠷᠦᠭᠦᠨ ᠬᠢᠯᠢᠩ ᠪᠢᠳᠡᠨ ᠡᠴᠡ ᠵᠠᠢᠯᠠᠬᠤ ᠪᠣᠯᠣᠭᠠᠰᠠᠢ》 ᠭᠡᠪᠡ᠃ 15 ᠵᠥᠪᠬᠡᠨ ᠠᠰᠠᠾᠧᠯ ᠤᠨ ᠬᠦᠦ ᠶᠣᠨᠠᠲ᠋ᠠᠨ᠂ ᠲᠢᠺᠸᠠ ᠶᠢᠨ ᠬᠦᠦ ᠶᠠᠬᠠᠽᠢᠶᠧᠯ ᠨᠠᠷ ᠡᠭᠦᠨ ᠢ ᠡᠰᠡᠷᠭᠦᠴᠡᠵᠦ᠂ ᠮᠧᠱᠦ᠋ᠯᠠᠮ ᠬᠢᠭᠡᠳ ᠯᠧᠸᠢ ᠬᠥᠮᠦᠨ ᠱᠠᠪᠧᠲ᠋ᠠᠢ ᠨᠠᠷ ᠲᠡᠳᠡᠨ ᠢ ᠳᠡᠮᠵᠢᠭᠰᠡᠨ ᠪᠠᠢᠨ᠎ᠠ᠃

16 ᠭᠡᠪᠡᠴᠦ ᠪᠤᠰᠤᠳ ᠴᠥᠯᠡᠭᠳᠡᠭᠰᠡᠳ ᠨᠥᠭᠥᠭᠡ ᠰᠠᠨᠠᠯ ᠤᠨ ᠳᠠᠭᠠᠤ ᠭᠦᠢᠴᠡᠳᠬᠡᠪᠡ᠃ ᠲᠠᠬᠢᠯᠴᠢ ᠡᠽᠷᠠ ᠠᠢᠮᠠᠭ ᠤᠨ ᠲᠡᠷᠢᠭᠦᠳ ᠡᠴᠡ ᠬᠥᠮᠦᠰ ᠢ ᠰᠢᠯᠢᠵᠦ ᠠᠪᠤᠭᠠᠳ ᠨᠡᠷ᠎ᠡ ᠶᠢ ᠨᠢ ᠵᠢᠭᠰᠠᠭᠠᠭᠰᠠᠨ ᠳᠤ᠂ ᠲᠡᠳᠡ ᠠᠷᠪᠠᠳᠤᠭᠠᠷ ᠰᠠᠷ᠎ᠠ ᠶᠢᠨ ᠡᠬᠢᠨ ᠤ ᠡᠳᠦᠷ ᠲᠡᠷᠡ ᠬᠡᠷᠡᠭ ᠢ ᠨᠠᠷᠢᠪᠴᠢᠯᠠᠬᠤ ᠪᠠᠷ ᠰᠠᠭᠤᠵᠠᠭᠠᠪᠠ᠃ 17 ᠨᠢᠭᠡᠳᠦᠭᠡᠷ ᠰᠠᠷ᠎ᠠ ᠶᠢᠨ ᠡᠬᠢᠨ ᠤ ᠡᠳᠦᠷ ᠪᠣᠯᠬᠤ ᠳᠤ᠂ ᠬᠠᠷᠢ ᠡᠮᠡᠭᠲᠡᠢ ᠲᠡᠢ ᠭᠡᠷᠯᠡᠭᠰᠡᠨ ᠪᠦᠬᠦ ᠬᠥᠮᠦᠨ ᠢ ᠪᠦᠷᠢᠳᠬᠡᠵᠦ ᠳᠠᠭᠤᠰᠴᠠᠢ᠃
 ᠬᠠᠷᠢᠴᠤᠳ ᠲᠠᠢ ᠭᠡᠷᠯᠡᠭᠰᠡᠨ ᠡᠷᠡᠴᠦᠳ ᠦᠨ ᠨᠡᠷᠡᠰ

18 ᠬᠠᠷᠢ ᠡᠮᠡᠭᠲᠡᠢ ᠲᠡᠢ ᠭᠡᠷᠯᠡᠭᠰᠡᠨ ᠲᠠᠬᠢᠯᠴᠢᠳ ᠨᠢ ᠶᠣᠽᠠᠳᠠᠺ ᠤᠨ ᠬᠦᠦ ᠶᠧᠱᠦ᠋ᠶ᠎ᠠ ᠪᠣᠯᠣᠨ ᠲᠡᠭᠦᠨ ᠦ ᠠᠬ᠎ᠠ ᠳᠡᠭᠦᠦᠰ ᠦᠨ ᠦᠷ᠎ᠡ ᠤᠳᠤᠮ ᠠᠴᠠ ᠮᠠᠶᠠᠰᠧᠶ᠎ᠠ᠂ ᠡᠯᠢᠶᠧᠽᠧᠷ᠂ ᠶᠠᠷᠢᠪ᠂ ᠭᠧᠳᠠᠯᠢᠶ᠎ᠠ ᠨᠠᠷ᠂ 19 (ᠲᠡᠳᠡ ᠡᠬᠡᠨᠡᠷ ᠤᠳ ᠢᠶᠠᠨ ᠬᠥᠭᠡᠭᠡᠬᠦ ᠢᠶᠠᠷ ᠠᠮᠠᠯᠠᠭᠰᠠᠨ ᠪᠥᠭᠡᠳ ᠡᠨᠡ ᠬᠦ ᠭᠡᠮ ᠦᠨ ᠢᠶᠠᠨ ᠤᠴᠢᠷ ᠢᠶᠠᠷ ᠰᠦᠷᠦᠭ ᠡᠴᠡ ᠪᠡᠨ ᠬᠤᠴᠠ ᠶᠢ ᠭᠡᠮ ᠦᠨ ᠲᠠᠬᠢᠯ ᠳᠤ ᠡᠷᠭᠦᠪᠡ᠃) 20 ᠢᠮᠧᠷ ᠤᠨ ᠦᠷ᠎ᠡ ᠤᠳᠤᠮ ᠠᠴᠠ ᠬᠠᠨᠠᠨᠢ᠂ ᠽᠧᠪᠠᠳᠢᠶ᠎ᠠ᠂ 21 ᠬᠠᠷᠢᠮ ᠤᠨ ᠦᠷ᠎ᠡ ᠤᠳᠤᠮ ᠠᠴᠠ ᠮᠠᠶᠠᠰᠧᠶ᠎ᠠ᠂ ᠧᠯᠢᠶ᠎ᠠ᠂ ᠱᠧᠮᠠᠢᠶ᠎ᠠ᠂ ᠶᠧᠾᠢᠶᠧᠯ ᠪᠣᠯᠣᠨ ᠦᠽᠢᠶ᠎ᠠ᠂ 22 ᠫᠠᠱᠦ᠋ᠷ ᠤᠨ ᠦᠷ᠎ᠡ ᠤᠳᠤᠮ ᠠᠴᠠ ᠡᠯᠢᠶᠣᠶᠧᠨᠠᠢ᠂ ᠮᠠᠶᠠᠰᠧᠶ᠎ᠠ᠂ ᠢᠱᠮᠠᠶᠧᠯ᠂ ᠨᠧᠲ᠋ᠠᠨᠧᠯ᠂ ᠶᠣᠽᠠᠪᠠᠳ᠋ ᠪᠣᠯᠣᠨ ᠡᠯᠠᠰᠠ ᠨᠠᠷ ᠪᠠᠢᠪᠠ᠃

23 ᠯᠧᠸᠢᠴᠦᠳ ᠡᠴᠡ ᠶᠣᠽᠠᠪᠠᠳ᠋᠂ ᠱᠢᠮᠧᠶᠢ᠂ ᠺᠧᠯᠶᠢᠶ᠎ᠠ (ᠺᠧᠯᠢᠲ᠋ᠠ)᠂ ᠫᠧᠲ᠋ᠠᠾᠢᠶ᠎ᠠ᠂ ᠶᠦᠳᠠ ᠪᠣᠯᠣᠨ ᠡᠯᠢᠶᠧᠽᠧᠷ ᠨᠠᠷ ᠪᠠᠢᠪᠠ᠃ 24 ᠳᠠᠭᠤᠴᠢᠳ ᠠᠴᠠ ᠧᠯᠢᠶᠠᠱᠢᠪ᠂ ᠬᠠᠭᠠᠯᠭᠠᠴᠢᠳ ᠠᠴᠠ ᠱᠠᠯᠦ᠋ᠮ᠂ ᠲᠧᠯᠧᠮ ᠪᠣᠯᠣᠨ ᠦᠷᠢ ᠨᠠᠷ ᠪᠠᠢᠪᠠ᠃

25 ᠪᠤᠰᠤᠳ ᠢᠰᠷᠧᠯᠴᠦᠳ ᠦᠨ ᠳᠤᠮᠳᠠ᠂ ᠫᠠᠷᠣᠱ ᠶᠢᠨ ᠦᠷ᠎ᠡ ᠤᠳᠤᠮ ᠠᠴᠠ ᠷᠠᠮᠢᠶ᠎ᠠ᠂ ᠢᠽᠢᠶ᠎ᠠ᠂ ᠮᠠᠯᠺᠢᠶ᠎ᠠ᠂ ᠮᠢᠶᠠᠮᠢᠨ᠂ ᠡᠯᠧᠶᠠᠽᠠᠷ᠂ ᠮᠠᠯᠺᠢᠶ᠎ᠠ ᠪᠣᠯᠣᠨ ᠪᠧᠨᠠᠢᠶ᠎ᠠ᠂ 26 ᠡᠯᠠᠮ ᠤᠨ ᠦᠷ᠎ᠡ ᠤᠳᠤᠮ ᠠᠴᠠ ᠮᠠᠲ᠋ᠠᠨᠢᠶ᠎ᠠ᠂ ᠽᠧᠺᠠᠷᠢᠶ᠎ᠠ᠂ ᠶᠧᠾᠢᠶᠧᠯ᠂ ᠠᠪᠳᠢ᠂ ᠶᠧᠷᠧᠮᠣᠲ ᠪᠣᠯᠣᠨ ᠧᠯᠢᠶ᠎ᠠ᠂ 27 ᠽᠠᠲ᠋ᠦ᠋ ᠶᠢᠨ ᠦᠷ᠎ᠡ ᠤᠳᠤᠮ ᠠᠴᠠ ᠡᠯᠢᠶᠣᠶᠧᠨᠠᠢ᠂ ᠧᠯᠢᠶᠠᠱᠢᠪ᠂ ᠮᠠᠲ᠋ᠠᠨᠢᠶ᠎ᠠ᠂ ᠶᠧᠷᠧᠮᠣᠲ᠂ ᠽᠠᠪᠠᠳ᠋ ᠪᠣᠯᠣᠨ ᠠᠽᠢᠽᠠ᠂ 28 ᠪᠧᠪᠠᠢ ᠶᠢᠨ ᠦᠷ᠎ᠡ ᠤᠳᠤᠮ ᠠᠴᠠ ᠶᠧᠬᠣᠬᠠᠨᠠᠨ᠂ ᠬᠠᠨᠠᠨᠢᠶ᠎ᠠ᠂ ᠽᠠᠪᠠᠢ ᠪᠣᠯᠣᠨ ᠠᠲ᠋ᠯᠠᠢ᠂ 29 ᠪᠠᠨᠢ ᠶᠢᠨ ᠦᠷ᠎ᠡ ᠤᠳᠤᠮ ᠠᠴᠠ ᠮᠧᠱᠦ᠋ᠯᠠᠮ᠂ ᠮᠠᠯᠦ᠋ᠺ᠂ ᠠᠳᠠᠢᠶᠠ᠂ ᠶᠠᠱᠦ᠋ᠪ᠂ ᠱᠧᠶᠠᠯ ᠪᠣᠯᠣᠨ ᠶᠧᠷᠧᠮᠣᠲ᠂ 30 ᠫᠠᠬᠠᠲ ᠮᠣᠶᠠᠪ ᠤᠨ ᠦᠷ᠎ᠡ ᠤᠳᠤᠮ ᠠᠴᠠ ᠠᠳ᠋ᠨᠠ᠂ ᠺᠧᠯᠠᠯ᠂ ᠪᠧᠨᠠᠢᠶ᠎ᠠ᠂ ᠮᠠᠶᠠᠰᠧᠶ᠎ᠠ᠂ ᠮᠠᠲ᠋ᠠᠨᠢᠶ᠎ᠠ᠂ ᠪᠧᠽᠠᠯᠧᠯ᠂ ᠪᠢᠨᠣᠢ᠂ ᠪᠣᠯᠣᠨ ᠮᠠᠨᠠᠰᠧ᠂ 31 ᠬᠠᠷᠢᠮ ᠤᠨ ᠦᠷ᠎ᠡ ᠤᠳᠤᠮ ᠠᠴᠠ ᠡᠯᠢᠶᠧᠽᠧᠷ᠂ ᠢᠱᠢᠶ᠎ᠠ᠂ ᠮᠠᠯᠺᠢᠶ᠎ᠠ᠂ ᠱᠧᠮᠠᠢᠶ᠎ᠠ᠂ ᠰᠢᠮᠧᠶᠣᠨ᠂ 32 ᠪᠢᠨᠶᠠᠮᠢᠨ᠂ ᠮᠠᠯᠦ᠋ᠺ᠂ ᠱᠧᠮᠠᠷᠢᠶ᠎ᠠ᠂ 33 ᠬᠠᠱᠦ᠋ᠮ ᠤᠨ ᠦᠷ᠎ᠡ ᠤᠳᠤᠮ ᠠᠴᠠ ᠮᠠᠲ᠋ᠧᠨᠠᠢ᠂ ᠮᠠᠲ᠋ᠠᠲ᠋ᠠ᠂ ᠽᠠᠪᠠᠳ᠋᠂ ᠡᠯᠢᠹᠧᠯᠧᠲ᠂ ᠶᠧᠷᠧᠮᠠᠢ᠂ ᠮᠠᠨᠠᠰᠧ ᠪᠣᠯᠣᠨ ᠱᠢᠮᠧᠶᠢ᠂ 34 ᠪᠠᠨᠢ ᠶᠢᠨ ᠦᠷ᠎ᠡ ᠤᠳᠤᠮ ᠠᠴᠠ ᠮᠠᠶᠠᠳᠠᠢ᠂ ᠠᠮᠷᠠᠮ᠂ ᠦᠶᠧᠯ᠂ 35 ᠪᠧᠨᠠᠢᠶ᠎ᠠ᠂ ᠪᠧᠳᠧᠶ᠎ᠠ᠂ ᠺᠧᠯᠦ᠋ᠾᠢ᠂ 36 ᠸᠠᠨᠢᠶ᠎ᠠ᠂ ᠮᠧᠷᠧᠮᠣᠲ᠂ ᠧᠯᠢᠶᠠᠱᠢᠪ᠂ 37 ᠮᠠᠲ᠋ᠠᠨᠢᠶ᠎ᠠ᠂ ᠮᠠᠲ᠋ᠧᠨᠠᠢ᠂ ᠶᠠᠰᠦ᠋᠂ 38 ᠪᠠᠨᠢ᠂ ᠪᠢᠨᠣᠢ᠂ ᠱᠢᠮᠧᠶᠢ᠂ 39 ᠱᠧᠯᠧᠮᠢᠶ᠎ᠠ᠂ ᠨᠠᠲ᠋ᠠᠨ᠂ ᠠᠳᠠᠢᠶᠠ᠂ 40 ᠮᠠᠺᠨᠠᠳᠧᠪᠠᠢ᠂ ᠱᠠᠱᠠᠢ᠂ ᠱᠠᠷᠠᠢ᠂ 41 ᠠᠽᠠᠽᠧᠯ᠂ ᠱᠧᠯᠧᠮᠢᠶ᠎ᠠ᠂ ᠱᠧᠮᠠᠷᠢᠶ᠎ᠠ᠂ 42 ᠱᠠᠯᠦ᠋ᠮ᠂ ᠠᠮᠠᠷᠢᠶ᠎ᠠ ᠪᠣᠯᠣᠨ ᠶᠣᠰᠧᠹ᠂ 43 ᠨᠧᠪᠣ ᠶᠢᠨ ᠦᠷ᠎ᠡ ᠤᠳᠤᠮ ᠠᠴᠠ ᠶᠧᠶᠧᠯ᠂ ᠮᠠᠲ᠋ᠢᠲ᠋ᠢᠶ᠎ᠠ᠂ ᠽᠠᠪᠠᠳ᠋᠂ ᠽᠧᠪᠢᠨᠠ᠂ ᠶᠠᠳᠠᠢ᠂ ᠶᠣᠶᠧᠯ ᠪᠣᠯᠣᠨ ᠪᠧᠨᠠᠢᠶ᠎ᠠ ᠨᠠᠷ ᠪᠠᠢᠪᠠ᠃ 44 ᠡᠳᠡ ᠪᠦᠭᠦᠳᠡ ᠬᠠᠷᠢ ᠡᠮᠡᠭᠲᠡᠢ ᠲᠡᠢ ᠭᠡᠷᠯᠡᠭᠰᠡᠨ ᠪᠥᠭᠡᠳ ᠲᠡᠳᠡᠭᠡᠷ ᠡᠮᠡᠭᠲᠡᠢ ᠶᠢᠨ ᠵᠠᠷᠢᠮ ᠨᠢ ᠡᠳᠡ ᠨᠠᠷ ᠤᠨ ᠬᠡᠦᠬᠡᠳ ᠢ ᠲᠥᠷᠥᠭᠦᠯᠦᠭᠰᠡᠨ ᠪᠠᠢᠪᠠ᠃