1 2 3 4 5 6 7 8 9 10


ᠡᠽᠷᠠ ᠲᠠᠪᠤ
 ᠠᠵᠢᠯ ᠳᠠᠬᠢᠨ ᠡᠬᠢᠯᠡᠪᠡ

1 ᠬᠠᠷᠢᠨ ᠡᠰᠢ ᠦᠵᠡᠭᠦᠯᠦᠭᠴᠢ ᠬᠠᠭᠠᠢ ᠬᠢᠭᠡᠳ ᠢᠳᠣ᠋ ᠶᠢᠨ ᠦᠷ᠎ᠡ ᠤᠳᠤᠮ ᠪᠣᠯᠬᠤ ᠡᠰᠢ ᠦᠵᠡᠭᠦᠯᠦᠭᠴᠢ ᠽᠧᠺᠠᠷᠢᠶ᠎ᠠ ᠨᠠᠷ ᠶᠦᠳᠠ ᠪᠣᠯᠣᠨ ᠶᠧᠷᠦ᠋ᠰᠠᠯᠧᠮ ᠳᠠᠬᠢ ᠶᠦᠳᠠᠢᠴᠤᠳ ᠲᠤ ᠲᠡᠳᠡᠨ ᠦ ᠳᠡᠭᠡᠷ᠎ᠡ ᠣᠷᠣᠰᠢᠳᠠᠭ ᠢᠰᠷᠧᠯ ᠤᠨ ᠪᠤᠷᠬᠠᠨ ᠤ ᠨᠡᠷ᠎ᠡ ᠪᠡᠷ ᠡᠰᠢ ᠦᠵᠡᠭᠦᠯᠬᠦ ᠳᠦ᠂ 2 ᠱᠠᠯᠲ᠋ᠢᠶᠧᠯ ᠤᠨ ᠬᠦᠦ ᠽᠣᠷᠣᠪᠠᠪᠧᠯ᠂ ᠶᠣᠽᠠᠳᠠᠺ ᠤᠨ ᠬᠦᠦ ᠶᠧᠱᠦ᠋ᠶ᠎ᠠ ᠨᠠᠷ ᠪᠣᠰᠴᠤ᠂ ᠶᠧᠷᠦ᠋ᠰᠠᠯᠧᠮ ᠳᠠᠬᠢ ᠪᠤᠷᠬᠠᠨ ᠤ ᠥᠷᠭᠥᠭᠡ ᠶᠢ ᠳᠠᠬᠢᠨ ᠪᠠᠷᠢᠵᠤ ᠡᠬᠢᠯᠡᠭᠰᠡᠨ ᠪᠠᠢᠨ᠎ᠠ᠃ ᠪᠤᠷᠬᠠᠨ ᠤ ᠡᠰᠢ ᠦᠵᠡᠭᠦᠯᠦᠭᠴᠢᠳ ᠲᠡᠳᠡᠨ ᠲᠡᠢ ᠬᠠᠮᠲᠤ ᠪᠠᠢᠵᠤ ᠲᠡᠳᠡᠨ ᠢ ᠳᠡᠮᠵᠢᠵᠡᠢ᠃

3 ᠲᠡᠭᠡᠬᠦ ᠳᠦ ᠡᠶᠦ᠋ᠹᠷᠠᠲ᠋ᠧᠰ ᠮᠥᠷᠡᠨ ᠦ ᠥᠷᠥᠨ᠎ᠡ ᠲᠠᠯ᠎ᠠ ᠶᠢᠨ ᠵᠠᠬᠢᠷᠤᠭᠴᠢ ᠲᠠᠲ᠋ᠧᠨᠠᠢ᠂ ᠱᠠᠸᠠᠲ᠋ᠠᠷ ᠪᠣᠽᠧᠨᠠᠢ ᠪᠣᠯᠣᠨ ᠲᠡᠳᠡᠨ ᠦ ᠬᠠᠮᠲᠤᠷᠠᠭᠴᠢᠳ ᠢᠷᠡᠵᠦ᠄ 《ᠡᠨᠡ ᠥᠷᠭᠥᠭᠡ ᠶᠢ ᠪᠠᠷᠢᠵᠤ᠂ ᠡᠨᠡ ᠬᠡᠷᠡᠮ ᠢ ᠰᠡᠷᠭᠦᠭᠡᠬᠦ ᠶᠢ ᠬᠡᠨ ᠲᠠ ᠨᠠᠷ ᠲᠤ ᠵᠥᠪᠰᠢᠶᠡᠷᠡᠭᠰᠡᠨ ᠶᠤᠮ ᠪᠤᠢ︖》 ᠭᠡᠳ 4 ᠪᠠᠰᠠ ᠡᠭᠦᠨ ᠢ ᠪᠠᠷᠢᠵᠤ ᠪᠠᠢᠭ᠎ᠠ ᠬᠥᠮᠦᠰ ᠦᠨ ᠨᠡᠷᠡᠰ ᠢ ᠠᠰᠠᠭᠤᠵᠠᠢ᠃ 5 ᠭᠡᠪᠡᠴᠦ ᠪᠤᠷᠬᠠᠨ ᠤ ᠮᠡᠯᠮᠡᠢ ᠶᠦᠳᠠᠢᠴᠤᠳ ᠤᠨ ᠠᠬᠠᠯᠠᠭᠴᠢᠳ ᠳᠡᠭᠡᠷ᠎ᠡ ᠪᠠᠢᠭᠰᠠᠨ ᠤᠴᠢᠷ ᠠᠴᠠ ᠳ᠋ᠠᠷᠢᠶᠦ᠋ ᠬᠠᠭᠠᠨ ᠳᠤ ᠴᠢᠮᠡᠭᠡ ᠬᠦᠷᠴᠦ᠂ ᠬᠠᠷᠢᠭᠤ ᠵᠠᠬᠢᠳᠠᠯ ᠨᠢ ᠪᠤᠴᠠᠵᠤ ᠢᠷᠡᠲᠡᠯ᠎ᠡ ᠲᠡᠳᠡ ᠰᠠᠭᠠᠳ ᠬᠢᠭᠰᠡᠨ ᠦᠭᠡᠢ᠃

6 ᠡᠶᠦ᠋ᠹᠷᠠᠲ᠋ᠧᠰ ᠮᠥᠷᠡᠨ ᠦ ᠥᠷᠥᠨ᠎ᠡ ᠲᠠᠯ᠎ᠠ ᠶᠢᠨ ᠵᠠᠬᠢᠷᠤᠭᠴᠢ ᠲᠠᠲ᠋ᠧᠨᠠᠢ᠂ ᠲᠦᠰᠢᠮᠡᠯ ᠱᠠᠸᠠᠲ᠋ᠠᠷ ᠪᠣᠽᠧᠨᠠᠢ ᠪᠣᠯᠣᠨ ᠲᠡᠭᠦᠨ ᠦ ᠬᠠᠮᠲᠤᠷᠠᠭᠴᠢ ᠲᠦᠰᠢᠮᠡᠳ ᠲᠡᠢ ᠪᠡᠨ ᠬᠠᠮᠲᠤ ᠳ᠋ᠠᠷᠢᠶᠦ᠋ ᠬᠠᠭᠠᠨ ᠳᠤ ᠢᠯᠡᠭᠡᠭᠰᠡᠨ ᠵᠠᠬᠢᠳᠠᠯ ᠤᠨ ᠬᠠᠭᠤᠯᠪᠤᠷᠢ ᠡᠨᠡ ᠪᠠᠢᠨ᠎ᠠ᠄ 7 ᠲᠡᠳᠡ ᠢᠯᠡᠭᠡᠭᠰᠡᠨ ᠵᠠᠬᠢᠳᠠᠯ ᠳᠠᠭᠠᠨ ᠪᠢᠴᠢᠬᠦ ᠳᠡᠭᠡᠨ᠄ 《ᠬᠠᠭᠠᠨ ᠳ᠋ᠠᠷᠢᠶᠦ᠋ ᠲᠠᠨ᠎ᠠ᠂ ᠬᠠᠮᠤᠭ ᠠᠮᠤᠷ ᠠᠮᠤᠭᠤᠯᠠᠩ ᠪᠠᠢᠬᠤ ᠪᠣᠯᠲᠤᠭᠠᠢ︕ 8 ᠪᠢᠳᠡ ᠬᠠᠭᠠᠨ ᠳᠤ ᠮᠡᠳᠡᠭᠳᠡᠶ᠎ᠡ᠂ ᠶᠦᠳᠠ ᠮᠤᠵᠢ ᠳᠤ᠂ ᠠᠭᠤᠤ ᠪᠤᠷᠬᠠᠨ ᠤ ᠥᠷᠭᠥᠭᠡ ᠤᠷᠤᠭᠤ ᠣᠴᠢᠵᠤ ᠦᠵᠡᠬᠦ ᠳᠦ᠂ ᠬᠥᠮᠦᠰ ᠲᠡᠭᠦᠨ ᠢ ᠵᠠᠰᠠᠭᠰᠠᠨ ᠴᠢᠯᠠᠭᠤ ᠪᠠᠷ ᠪᠠᠷᠢᠵᠤ᠂ ᠬᠠᠨ᠎ᠠ ᠨᠤᠭᠤᠳ ᠲᠤ ᠳ᠋ᠦᠨᠵᠡ ᠲᠠᠭᠠᠷᠠᠭᠤᠯᠵᠤ ᠪᠠᠢᠯ᠎ᠠ᠃ ᠲᠡᠳᠡ ᠡᠨᠡ ᠠᠵᠢᠯ ᠢ ᠴᠢᠷᠮᠠᠢᠨ ᠭᠦᠢᠴᠡᠳᠬᠡᠵᠦ ᠠᠮᠵᠢᠯᠲᠠ ᠲᠠᠢ ᠶᠠᠪᠤᠭᠳᠠᠭᠤᠯᠵᠤ ᠪᠠᠢᠨ᠎ᠠ᠃ 9 ᠲᠡᠢᠮᠦ ᠡᠴᠡ ᠪᠢᠳᠡ ᠠᠬᠠᠯᠠᠭᠴᠢᠳ ᠠᠴᠠ ᠨᠢ᠄ 〈ᠡᠨᠡ ᠥᠷᠭᠥᠭᠡ ᠶᠢ ᠪᠠᠷᠢᠵᠤ᠂ ᠡᠨᠡ ᠬᠡᠷᠡᠮ ᠢ ᠰᠡᠷᠭᠦᠭᠡᠬᠦ ᠶᠢ ᠬᠡᠨ ᠲᠠ ᠨᠠᠷ ᠲᠤ ᠵᠥᠪᠰᠢᠶᠡᠷᠡᠭᠰᠡᠨ ᠶᠤᠮ ᠪᠤᠢ︖〉 ᠭᠡᠵᠦ ᠠᠰᠠᠭᠤᠭᠰᠠᠨ ᠪᠥᠭᠡᠳ 10 ᠮᠥᠨ ᠬᠠᠭᠠᠨ ᠳᠤ ᠮᠡᠳᠡᠭᠳᠡᠬᠦ ᠶᠢᠨ ᠲᠤᠯᠠᠳᠠ ᠲᠡᠳᠡᠨ ᠦ ᠤᠳᠤᠷᠢᠳᠤᠭᠴᠢᠳ ᠤᠨ ᠨᠡᠷᠡᠰ ᠢ ᠠᠰᠠᠭᠤᠨ ᠪᠢᠴᠢᠵᠦ ᠠᠪᠤᠭᠰᠠᠨ ᠶᠤᠮ᠃ 11 ᠲᠡᠳᠡᠨ ᠦ ᠬᠠᠷᠢᠭᠤ ᠡᠨᠡ ᠪᠠᠢᠨ᠎ᠠ᠄ 〈ᠪᠢᠳᠡ ᠪᠣᠯ ᠲᠩᠷᠢ ᠭᠠᠵᠠᠷ ᠤᠨ ᠪᠤᠷᠬᠠᠨ ᠤ ᠵᠠᠷᠤᠴᠠ ᠨᠠᠷ ᠪᠢᠯᠡ᠂ ᠣᠯᠠᠨ ᠵᠢᠯ ᠤᠨ ᠡᠮᠦᠨ᠎ᠡ ᠪᠣᠰᠬᠠᠭᠳᠠᠭᠰᠠᠨ ᠠᠷᠢᠭᠤᠨ ᠥᠷᠭᠥᠭᠡ ᠶᠢ ᠪᠢᠳᠡ ᠳᠠᠬᠢᠨ ᠪᠠᠷᠢᠵᠤ ᠪᠠᠢᠨ᠎ᠠ᠃ ᠤᠷᠢᠳᠤ ᠨᠢ ᠢᠰᠷᠧᠯ ᠤᠨ ᠨᠢᠭᠡᠨ ᠠᠭᠤᠤ ᠬᠠᠭᠠᠨ ᠡᠭᠦᠨ ᠢ ᠪᠠᠷᠢᠭᠰᠠᠨ ᠪᠢᠯᠡ᠃ 12 ᠭᠡᠪᠡᠴᠦ ᠪᠢᠳᠡᠨ ᠦ ᠡᠴᠢᠭᠡ ᠡᠪᠦᠭᠡᠳ ᠲᠩᠷᠢ ᠶᠢᠨ ᠪᠤᠷᠬᠠᠨ ᠢ ᠬᠢᠯᠢᠩᠨᠡᠭᠦᠯᠦᠭᠰᠡᠨ ᠪᠣᠯᠬᠣᠷ ᠪᠤᠷᠬᠠᠨ ᠲᠡᠳᠡᠨ ᠢ ᠪᠠᠪᠢᠯᠣᠨ ᠤ ᠬᠠᠭᠠᠨ᠂ ᠺᠠᠯᠳᠧᠶ᠎ᠠ ᠬᠥᠮᠦᠨ ᠨᠧᠪᠦ᠋ᠺᠠᠨᠧᠽᠠᠷ ᠤᠨ ᠭᠠᠷ ᠲᠤ ᠲᠤᠰᠢᠶᠠᠭᠰᠠᠨ ᠳᠤ᠂ ᠲᠡᠷᠡ ᠬᠠᠭᠠᠨ ᠡᠨᠡ ᠥᠷᠭᠥᠭᠡ ᠶᠢ ᠨᠤᠷᠠᠭᠠᠵᠤ᠂ ᠠᠷᠠᠳ ᠲᠦᠮᠡᠨ ᠢ ᠪᠠᠪᠢᠯᠣᠨ ᠤᠷᠤᠭᠤ ᠴᠥᠯᠡᠭᠰᠡᠨ ᠶᠤᠮ᠃ 13 ᠬᠠᠷᠢᠨ ᠪᠠᠪᠢᠯᠣᠨ ᠤ ᠬᠠᠭᠠᠨ ᠺᠦᠷᠣᠰ ᠤᠨ ᠨᠢᠭᠡᠳᠦᠭᠡᠷ ᠣᠨ ᠳᠤ᠂ ᠺᠦᠷᠣᠰ ᠬᠠᠭᠠᠨ ᠪᠤᠷᠬᠠᠨ ᠤ ᠡᠨᠡ ᠥᠷᠭᠥᠭᠡ ᠶᠢ ᠳᠠᠬᠢᠨ ᠪᠠᠷᠢᠬᠤ ᠵᠠᠷᠯᠢᠭ ᠢ ᠪᠠᠭᠤᠯᠭᠠᠭᠰᠠᠨ ᠪᠠᠢᠨ᠎ᠠ᠃ 14 ᠡᠭᠦᠨ ᠢᠶᠡᠷ ᠪᠠᠷᠠᠬᠤ ᠦᠭᠡᠢ᠂ ᠨᠧᠪᠦ᠋ᠺᠠᠨᠧᠽᠠᠷ ᠤᠨ ᠶᠧᠷᠦ᠋ᠰᠠᠯᠧᠮ ᠳᠠᠬᠢ ᠡᠨᠡ ᠥᠷᠭᠥᠭᠡᠨ ᠡᠴᠡ ᠪᠠᠪᠢᠯᠣᠨ ᠤ ᠰᠦᠮ᠎ᠡ ᠳᠦ ᠠᠪᠠᠴᠢᠭᠰᠠᠨ᠂ ᠪᠤᠷᠬᠠᠨ ᠤ ᠥᠷᠭᠥᠭᠡᠨ ᠳᠦ ᠪᠠᠢᠭᠰᠠᠨ ᠠᠯᠲᠠ᠂ ᠮᠥᠩᠭᠥᠨ ᠬᠡᠷᠡᠭᠰᠡᠯ ᠤᠳ ᠢ ᠺᠦᠷᠣᠰ ᠬᠠᠭᠠᠨ ᠪᠠᠪᠢᠯᠣᠨ ᠤ ᠰᠦᠮ᠎ᠡ ᠡᠴᠡ ᠠᠪᠴᠤ᠂ ᠵᠠᠬᠢᠷᠤᠭᠴᠢ ᠪᠠᠷ ᠲᠣᠮᠢᠯᠠᠭᠳᠠᠭᠰᠠᠨ ᠱᠧᠱᠪᠠᠽᠠᠷ ᠭᠡᠭᠴᠢ ᠬᠥᠮᠦᠨ ᠳᠦ ᠥᠭᠴᠦ᠂ 15 ᠲᠡᠭᠦᠨ ᠳᠦ᠄ 〈ᠡᠳᠡᠭᠡᠷ ᠬᠡᠷᠡᠭᠰᠡᠯ ᠤᠳ ᠢ ᠶᠧᠷᠦ᠋ᠰᠠᠯᠧᠮ ᠳᠠᠬᠢ ᠥᠷᠭᠥᠭᠡᠨ ᠳᠦ ᠠᠪᠠᠴᠢᠨ ᠲᠠᠯᠪᠢᠵᠤ᠂ ᠪᠤᠷᠬᠠᠨ ᠤ ᠥᠷᠭᠥᠭᠡ ᠶᠢ ᠪᠠᠢᠷᠢᠨ ᠳᠤᠨᠢ ᠳᠠᠬᠢᠨ ᠪᠠᠷᠢ〉 ᠭᠡᠰᠡᠨ᠃ 16 ᠲᠡᠭᠡᠭᠡᠳ ᠱᠧᠱᠪᠠᠽᠠᠷ ᠢᠷᠡᠵᠦ᠂ ᠶᠧᠷᠦ᠋ᠰᠠᠯᠧᠮ ᠳᠤ ᠪᠤᠷᠬᠠᠨ ᠤ ᠥᠷᠭᠥᠭᠡᠨ ᠦ ᠰᠠᠭᠤᠷᠢ ᠶᠢ ᠲᠠᠯᠪᠢᠭᠰᠠᠨ ᠪᠢᠯᠡ᠃ ᠲᠡᠷᠡ ᠦᠶ᠎ᠡ ᠡᠴᠡ ᠡᠬᠢᠯᠡᠨ ᠣᠳᠣ ᠬᠦᠷᠲᠡᠯ᠎ᠡ ᠪᠠᠷᠢᠭᠰᠠᠭᠠᠷ ᠪᠠᠢᠭ᠎ᠠ ᠪᠣᠯᠪᠠᠴᠤ ᠬᠠᠷᠠᠬᠠᠨ ᠳᠠᠭᠤᠰᠬᠠᠭ᠎ᠠ ᠦᠭᠡᠢ ᠪᠠᠢᠨ᠎ᠠ᠃ 17 ᠣᠳᠣ ᠬᠠᠭᠠᠨ ᠲᠠᠭᠠᠯᠠᠪᠠᠯ᠂ ᠪᠠᠪᠢᠯᠣᠨ ᠳᠠᠬᠢ ᠬᠠᠭᠠᠨ ᠤ ᠪᠢᠴᠢᠮᠡᠯ ᠬᠠᠳᠠᠭᠠᠯᠠᠬᠤ ᠭᠠᠵᠠᠷ ᠠᠴᠠ ᠯᠠᠪᠯᠠᠭᠤᠯᠵᠤ᠂ ᠺᠦᠷᠣᠰ ᠬᠠᠭᠠᠨ ᠤ ᠶᠧᠷᠦ᠋ᠰᠠᠯᠧᠮ ᠳᠠᠬᠢ ᠪᠤᠷᠬᠠᠨ ᠤ ᠡᠨᠡ ᠥᠷᠭᠥᠭᠡ ᠶᠢ ᠳᠠᠬᠢᠨ ᠪᠠᠷᠢᠭᠤᠯᠬᠤ ᠪᠠᠷ ᠵᠠᠷᠯᠢᠭ ᠪᠠᠭᠤᠯᠭᠠᠭᠰᠠᠨ ᠡᠰᠡᠬᠦ ᠶᠢ ᠦᠵᠡᠭᠡᠳ᠂ ᠬᠠᠭᠠᠨ ᠲᠠ ᠡᠨᠡ ᠠᠰᠠᠭᠤᠳᠠᠯ ᠤᠨ ᠲᠠᠯ᠎ᠠ ᠪᠠᠷ ᠬᠢ ᠰᠢᠢᠳᠪᠦᠷᠢ ᠪᠠᠨ ᠪᠢᠳᠡᠨ ᠳᠦ ᠢᠯᠡᠭᠡᠨ᠎ᠡ ᠤᠤ︖》 ᠭᠡᠵᠡᠢ᠃