ᠡᠽᠷᠠ ᠳᠣᠯᠣᠭ᠎ᠠ
ᠡᠽᠷᠠ ᠶᠧᠷᠦ᠋ᠰᠠᠯᠧᠮ ᠳᠤ ᠬᠦᠷᠪᠡ
1 ᠡᠳᠡᠭᠡᠷ ᠶᠠᠪᠤᠳᠠᠯ ᠤᠨ ᠳᠠᠷᠠᠭ᠎ᠠ᠂ ᠫᠧᠷᠰ ᠤᠨ ᠬᠠᠭᠠᠨ ᠠᠷᠲ᠋ᠠᠱᠠᠰᠲ᠋ᠠ ᠶᠢᠨ ᠬᠠᠭᠠᠨᠴᠢᠯᠠᠯ ᠤᠨ ᠦᠶ᠎ᠡ ᠳᠦ᠂ ᠡᠽᠷᠠ ᠭᠡᠭᠴᠢ ᠬᠥᠮᠦᠨ ᠪᠠᠢᠪᠠ᠃ ᠡᠽᠷᠠ ᠨᠢ ᠰᠧᠷᠠᠢᠶ᠎ᠠ ᠶᠢᠨ ᠬᠦᠦ᠂ ᠰᠧᠷᠠᠢᠶ᠎ᠠ ᠨᠢ ᠠᠽᠠᠷᠢᠶ᠎ᠠ ᠶᠢᠨ ᠬᠦᠦ᠂ ᠠᠽᠠᠷᠢᠶ᠎ᠠ ᠨᠢ ᠾᠢᠯᠺᠢᠶ᠎ᠠ ᠶᠢᠨ ᠬᠦᠦ᠂ 2 ᠾᠢᠯᠺᠢᠶ᠎ᠠ ᠨᠢ ᠱᠠᠯᠦ᠋ᠮ ᠤᠨ ᠬᠦᠦ᠂ ᠱᠠᠯᠦ᠋ᠮ ᠨᠢ ᠽᠠᠳᠣᠺ ᠤᠨ ᠬᠦᠦ᠂ ᠽᠠᠳᠣᠺ ᠨᠢ ᠠᠾᠢᠲ᠋ᠦ᠋ᠪ ᠤᠨ ᠬᠦᠦ᠂ 3 ᠠᠾᠢᠲ᠋ᠦ᠋ᠪ ᠨᠢ ᠠᠮᠠᠷᠢᠶ᠎ᠠ ᠶᠢᠨ ᠬᠦᠦ᠂ ᠠᠮᠠᠷᠢᠶ᠎ᠠ ᠨᠢ ᠠᠽᠠᠷᠢᠶ᠎ᠠ ᠶᠢᠨ ᠬᠦᠦ᠂ ᠠᠽᠠᠷᠢᠶ᠎ᠠ ᠨᠢ ᠮᠧᠷᠠᠶᠣᠲ ᠤᠨ ᠬᠦᠦ᠂ 4 ᠮᠧᠷᠠᠶᠣᠲ ᠨᠢ ᠽᠧᠷᠠᠾᠢᠶᠠ ᠶᠢᠨ ᠬᠦᠦ᠂ ᠽᠧᠷᠠᠾᠢᠶᠠ ᠨᠢ ᠦᠽᠢ ᠶᠢᠨ ᠬᠦᠦ᠂ ᠦᠽᠢ ᠨᠢ ᠪᠦᠺᠢ ᠶᠢᠨ ᠬᠦᠦ᠂ 5 ᠪᠦᠺᠢ ᠨᠢ ᠠᠪᠢᠱᠦ᠋ᠶᠠ ᠶᠢᠨ ᠬᠦᠦ᠂ ᠠᠪᠢᠱᠦ᠋ᠶᠠ ᠨᠢ ᠹᠢᠨᠧᠬᠠᠰ ᠤᠨ ᠬᠦᠦ᠂ ᠹᠢᠨᠧᠬᠠᠰ ᠨᠢ ᠡᠯᠧᠶᠠᠽᠠᠷ ᠤᠨ ᠬᠦᠦ᠂ ᠡᠯᠧᠶᠠᠽᠠᠷ ᠨᠢ ᠠᠬᠠᠯᠠᠬᠤ ᠲᠠᠬᠢᠯᠴᠢ ᠠᠷᠣᠨ ᠤ ᠬᠦᠦ ᠪᠠᠢᠪᠠ᠃ 6 ᠡᠽᠷᠠ ᠪᠠᠪᠢᠯᠣᠨ ᠠᠴᠠ ᠢᠷᠡᠭᠰᠡᠨ ᠪᠢᠯᠡ᠃ ᠲᠡᠷᠡ ᠪᠣᠯ ᠢᠰᠷᠧᠯ ᠤᠨ ᠪᠤᠷᠬᠠᠨ ᠶᠣᠬᠣᠸᠠ ᠶᠢᠨ ᠥᠭᠭᠥᠭᠰᠡᠨ ᠮᠣᠰᠧ ᠶᠢᠨ ᠬᠠᠤᠯᠢ ᠳᠤ ᠮᠡᠷᠭᠡᠰᠢᠭᠰᠡᠨ ᠪᠠᠭᠰᠢ ᠪᠥᠭᠡᠳ ᠶᠣᠬᠣᠸᠠ ᠪᠤᠷᠬᠠᠨ ᠤ ᠬᠢᠨᠢ ᠮᠤᠲᠤᠷ ᠲᠡᠭᠦᠨ ᠦ ᠳᠡᠭᠡᠷ᠎ᠡ ᠪᠠᠢᠭᠰᠠᠨ ᠤᠴᠢᠷ ᠬᠠᠭᠠᠨ ᠬᠦᠰᠡᠭᠰᠡᠨ ᠪᠦᠬᠦᠨ ᠢ ᠨᠢ ᠲᠡᠭᠦᠨ ᠳᠦ ᠥᠭᠴᠡᠢ᠃
7 ᠠᠷᠲ᠋ᠠᠱᠠᠰᠲ᠋ᠠ ᠬᠠᠭᠠᠨ ᠤ ᠳᠣᠯᠣᠳᠤᠭᠠᠷ ᠣᠨ ᠳᠤ᠂ ᠲᠠᠬᠢᠯᠴᠢᠳ᠂ ᠯᠧᠸᠢᠴᠦᠳ᠂ ᠳᠠᠭᠤᠴᠢᠳ᠂ ᠬᠠᠭᠠᠯᠭᠠᠴᠢᠳ᠂ ᠥᠷᠭᠥᠭᠡᠨ ᠦ ᠵᠠᠷᠤᠴᠠ ᠨᠠᠷ ᠵᠡᠷᠭᠡ ᠬᠡᠰᠡᠭ ᠢᠰᠷᠧᠯᠴᠦᠳ ᠶᠧᠷᠦ᠋ᠰᠠᠯᠧᠮ ᠥᠭᠡᠳᠡ ᠶᠠᠪᠤᠵᠤ᠂ 8 ᠬᠠᠭᠠᠨ ᠤ ᠳᠣᠯᠣᠳᠤᠭᠠᠷ ᠣᠨ ᠤ ᠲᠠᠪᠤᠳᠤᠭᠠᠷ ᠰᠠᠷ᠎ᠠ ᠳᠤ ᠶᠧᠷᠦ᠋ᠰᠠᠯᠧᠮ ᠳᠤ ᠬᠦᠷᠴᠡᠢ᠃ 9 ᠡᠽᠷᠠ ᠨᠢᠭᠡᠳᠦᠭᠡᠷ ᠰᠠᠷ᠎ᠠ ᠶᠢᠨ ᠨᠢᠭᠡᠨ ᠳᠦ᠂ ᠪᠠᠪᠢᠯᠣᠨ ᠠᠴᠠ ᠭᠠᠷᠤᠭᠠᠳ ᠲᠠᠪᠤᠳᠤᠭᠠᠷ ᠰᠠᠷ᠎ᠠ ᠶᠢᠨ ᠨᠢᠭᠡᠨ ᠳᠦ ᠶᠧᠷᠦ᠋ᠰᠠᠯᠧᠮ ᠳᠤ ᠬᠦᠷᠪᠡ᠃ ᠥᠪᠡᠷ ᠦᠨ ᠬᠢᠨᠢ ᠪᠤᠷᠬᠠᠨ ᠤ ᠢᠪᠡᠭᠡᠯᠲᠦ ᠮᠤᠲᠤᠷ ᠲᠡᠭᠦᠨ ᠦ ᠳᠡᠭᠡᠷ᠎ᠡ ᠪᠠᠢᠭᠰᠠᠨ ᠶᠤᠮ᠃ 10 ᠤᠴᠢᠷ ᠨᠢ ᠡᠽᠷᠠ ᠶᠣᠬᠣᠸᠠ ᠶᠢᠨ ᠬᠠᠤᠯᠢ ᠶᠢ ᠰᠤᠷᠴᠤ ᠬᠡᠷᠡᠭᠵᠢᠭᠦᠯᠬᠦ ᠳᠦ᠂ ᠮᠥᠨ ᠢᠰᠷᠧᠯ ᠳᠤ ᠲᠡᠭᠦᠨ ᠦ ᠲᠣᠭᠲᠠᠭᠠᠯ ᠪᠣᠯᠣᠨ ᠵᠢᠭᠠᠪᠤᠷᠢ ᠶᠢ ᠵᠢᠭᠠᠬᠤ ᠳᠤ ᠵᠢᠷᠦᠬᠡ ᠪᠡᠨ ᠵᠣᠷᠢᠭᠤᠯᠤᠭᠰᠠᠨ ᠶᠤᠮ᠃
ᠬᠠᠭᠠᠨ ᠤ ᠵᠠᠬᠢᠳᠠᠯ
11 ᠶᠣᠬᠣᠸᠠ ᠶᠢᠨ ᠢᠰᠷᠧᠯ ᠳᠤ ᠥᠭᠭᠥᠭᠰᠡᠨ ᠲᠤᠰᠢᠶᠠᠯ ᠪᠣᠯᠣᠨ ᠲᠣᠭᠲᠠᠭᠠᠯ ᠳᠤ ᠮᠡᠷᠭᠡᠰᠢᠭᠰᠡᠨ ᠪᠠᠭᠰᠢ᠂ ᠲᠠᠬᠢᠯᠴᠢ ᠡᠽᠷᠠ ᠳᠤ ᠥᠭᠭᠥᠭᠰᠡᠨ ᠬᠠᠭᠠᠨ ᠠᠷᠲ᠋ᠠᠱᠠᠰᠲ᠋ᠠ ᠶᠢᠨ ᠵᠠᠬᠢᠳᠠᠯ ᠤᠨ ᠬᠠᠭᠤᠯᠪᠤᠷᠢ ᠡᠨᠡ ᠪᠠᠢᠨ᠎ᠠ᠄ 12 《ᠬᠠᠭᠠᠳ ᠤᠨ ᠬᠠᠭᠠᠨ ᠠᠷᠲ᠋ᠠᠱᠠᠰᠲ᠋ᠠ ᠠᠴᠠ ᠲᠩᠷᠢ ᠶᠢᠨ ᠪᠤᠷᠬᠠᠨ ᠤ ᠬᠠᠤᠯᠢ ᠶᠢᠨ ᠪᠠᠭᠰᠢ᠂ ᠲᠠᠬᠢᠯᠴᠢ ᠡᠽᠷᠠ ᠳᠤ᠄ ᠠᠮᠤᠷ ᠠᠮᠤᠭᠤᠯᠠᠩ ᠤᠤ︖ 13 ᠪᠢ ᠵᠠᠷᠯᠢᠭ ᠪᠠᠭᠤᠯᠭᠠᠵᠤ ᠪᠠᠢᠨ᠎ᠠ᠂ ᠮᠢᠨᠦ ᠬᠠᠭᠠᠨᠴᠢᠯᠠᠯ ᠤᠨ ᠳᠣᠲᠣᠷᠠᠬᠢ ᠶᠧᠷᠦ᠋ᠰᠠᠯᠧᠮ ᠥᠭᠡᠳᠡ ᠶᠠᠪᠤᠬᠤ ᠶᠢ ᠬᠦᠰᠡᠵᠦ ᠪᠠᠢᠭ᠎ᠠ ᠢᠰᠷᠧᠯ ᠤᠨ ᠶᠠᠮᠠᠷ ᠴᠤ ᠬᠥᠮᠦᠨ᠂ ᠲᠠᠬᠢᠯᠴᠢᠳ ᠪᠣᠯᠣᠨ ᠯᠧᠸᠢᠴᠦᠳ ᠴᠢᠮ᠎ᠠ ᠲᠠᠢ ᠬᠠᠮᠲᠤ ᠶᠠᠪᠤᠵᠤ ᠪᠣᠯᠣᠨ᠎ᠠ᠃ 14 ᠲᠡᠢᠨ ᠬᠦ ᠬᠠᠭᠠᠨ ᠪᠣᠯᠣᠨ ᠲᠡᠭᠦᠨ ᠦ ᠳᠣᠯᠣᠭᠠᠨ ᠵᠥᠪᠯᠡᠭᠴᠢ ᠴᠢᠮᠠᠶᠢ ᠢᠯᠡᠭᠡᠵᠦ ᠪᠠᠢᠨ᠎ᠠ᠃ ᠴᠢ ᠭᠠᠷ ᠲᠠᠭᠠᠨ ᠪᠠᠢᠭ᠎ᠠ ᠪᠤᠷᠬᠠᠨ ᠤ ᠪᠠᠨ ᠬᠠᠤᠯᠢ ᠶᠢᠨ ᠳᠠᠭᠠᠤ ᠶᠦᠳᠠ ᠪᠣᠯᠣᠨ ᠶᠧᠷᠦ᠋ᠰᠠᠯᠧᠮ ᠤᠨ ᠪᠠᠢᠳᠠᠯ ᠢ ᠰᠤᠳᠤᠯᠬᠤ ᠶᠣᠰᠣᠲᠠᠢ᠂ 15 ᠪᠠᠰᠠ ᠬᠠᠭᠠᠨ ᠪᠣᠯᠣᠨ ᠲᠡᠭᠦᠨ ᠦ ᠵᠥᠪᠯᠡᠭᠴᠢᠳ ᠤᠨ ᠶᠧᠷᠦ᠋ᠰᠠᠯᠧᠮ ᠳᠤ ᠣᠷᠣᠰᠢᠨ ᠪᠤᠢ ᠢᠰᠷᠧᠯ ᠤᠨ ᠪᠤᠷᠬᠠᠨ ᠳᠤ ᠰᠠᠢᠨ ᠳᠤᠷ᠎ᠠ ᠠᠴᠠ ᠪᠠᠨ ᠡᠷᠭᠦᠭᠰᠡᠨ ᠠᠯᠲᠠ ᠮᠥᠩᠭᠥ᠂ 16 ᠪᠠᠪᠢᠯᠣᠨ ᠤ ᠪᠦᠬᠦᠢᠯᠡ ᠮᠤᠵᠢ ᠡᠴᠡ ᠠᠪᠬᠤ ᠪᠦᠬᠦ ᠠᠯᠲᠠ ᠮᠥᠩᠭᠥ᠂ ᠲᠠᠬᠢᠯᠴᠢᠳ ᠪᠣᠯᠣᠨ ᠠᠷᠠᠳ ᠲᠦᠮᠡᠨ ᠦ ᠶᠧᠷᠦ᠋ᠰᠠᠯᠧᠮ ᠳᠠᠬᠢ ᠪᠤᠷᠬᠠᠨ ᠤ ᠥᠷᠭᠥᠭᠡᠨ ᠳᠦ ᠵᠣᠷᠢᠭᠤᠯᠤᠨ ᠰᠠᠢᠨ ᠳᠤᠷ᠎ᠠ ᠠᠴᠠ ᠪᠠᠨ ᠡᠷᠭᠦᠭᠰᠡᠨ ᠰᠠᠢᠨ ᠳᠤᠷ᠎ᠠ ᠶᠢᠨ ᠡᠷᠭᠦᠯ ᠢ ᠠᠪᠠᠴᠢᠬᠤ ᠶᠣᠰᠣᠲᠠᠢ᠃ 17 ᠴᠢ ᠡᠨᠡ ᠮᠥᠩᠭᠥ ᠪᠡᠷ ᠵᠠᠪᠠᠯ ᠪᠤᠬ᠎ᠠ᠂ ᠬᠤᠴᠠ ᠪᠣᠯᠣᠨ ᠬᠤᠷᠠᠭ᠎ᠠ ᠨᠤᠭᠤᠳ ᠢ ᠢᠳᠡᠭᠡᠨ ᠡᠷᠭᠦᠯ ᠪᠣᠯᠣᠨ ᠤᠮᠳᠠᠭᠠᠨ ᠡᠷᠭᠦᠯ ᠲᠡᠢ ᠬᠠᠮᠲᠤ ᠬᠤᠳᠠᠯᠳᠤᠨ ᠠᠪᠴᠤ᠂ ᠶᠧᠷᠦ᠋ᠰᠠᠯᠧᠮ ᠳᠠᠬᠢ ᠪᠤᠷᠬᠠᠨ ᠤ ᠪᠠᠨ ᠥᠷᠭᠥᠭᠡᠨ ᠦ ᠲᠠᠬᠢᠯ ᠤᠨ ᠰᠢᠷᠡᠭᠡᠨ ᠳᠡᠭᠡᠷ᠎ᠡ ᠡᠷᠭᠦᠭᠲᠦᠨ︕ 18 ᠦᠯᠡᠳᠡᠭᠰᠡᠨ ᠠᠯᠲᠠ ᠮᠥᠩᠭᠥ ᠶᠢ ᠨᠢ ᠴᠢ ᠪᠣᠯᠣᠨ ᠠᠬ᠎ᠠ ᠳᠡᠭᠦᠦᠰ ᠦᠨ ᠢᠶᠠᠨ ᠰᠠᠢᠨ ᠬᠡᠮᠡᠨ ᠦᠵᠡᠵᠦ ᠪᠠᠢᠭ᠎ᠠ ᠪᠦᠬᠦ ᠵᠦᠢᠯ ᠳᠤ ᠪᠤᠷᠬᠠᠨ ᠤ ᠪᠠᠨ ᠰᠠᠨᠠᠭ᠎ᠠ ᠪᠠᠷ ᠠᠰᠢᠭᠯᠠᠵᠤ ᠪᠣᠯᠣᠨ᠎ᠠ︕ 19 ᠬᠠᠷᠢᠨ ᠴᠢᠨᠦ ᠪᠤᠷᠬᠠᠨ ᠤ ᠥᠷᠭᠥᠭᠡᠨ ᠳᠦ ᠵᠣᠷᠢᠭᠤᠯᠵᠤ ᠴᠢᠮ᠎ᠠ ᠳᠤ ᠥᠭᠭᠥᠭᠰᠡᠨ ᠰᠠᠪᠠ ᠰᠠᠭᠤᠯᠠᠭ᠎ᠠ ᠨᠤᠭᠤᠳ ᠢ ᠶᠧᠷᠦ᠋ᠰᠠᠯᠧᠮ ᠤᠨ ᠪᠤᠷᠬᠠᠨ ᠤ ᠡᠮᠦᠨ᠎ᠡ ᠪᠦᠷᠢᠨ ᠪᠦᠲᠦᠨ ᠢᠶᠡᠷ ᠨᠢ ᠬᠦᠷᠭᠡᠭᠲᠦᠨ︕ 20 ᠪᠤᠷᠬᠠᠨ ᠤ ᠴᠢᠨᠢ ᠥᠷᠭᠥᠭᠡᠨ ᠦ ᠲᠥᠯᠥᠭᠡ ᠪᠠᠰᠠ ᠥᠭᠡᠷ᠎ᠡ ᠬᠡᠷᠡᠭᠴᠡᠭᠡ ᠴᠢᠮ᠎ᠠ ᠳᠤ ᠭᠠᠷᠪᠠᠯ᠂ ᠲᠡᠳᠡᠭᠡᠷ ᠢ ᠬᠠᠭᠠᠨ ᠤ ᠰᠠᠩ ᠠᠴᠠ ᠬᠠᠩ᠋ᠭᠠᠵᠤ ᠪᠣᠯᠣᠨ᠎ᠠ︕
21 ᠬᠠᠭᠠᠨ ᠠᠷᠲ᠋ᠠᠱᠠᠰᠲ᠋ᠠ ᠪᠢ ᠥᠪᠡᠷ ᠢᠶᠡᠨ ᠡᠶᠦ᠋ᠹᠷᠠᠲ᠋ᠧᠰ ᠮᠥᠷᠡᠨ ᠦ ᠥᠷᠥᠨ᠎ᠡ ᠲᠠᠯ᠎ᠠ ᠶᠢᠨ ᠪᠦᠬᠦ ᠰᠠᠩ ᠤᠨ ᠨᠢᠷᠪᠠ ᠳᠤ ᠵᠠᠷᠯᠢᠭ ᠪᠠᠭᠤᠯᠭᠠᠵᠤ ᠪᠠᠢᠨ᠎ᠠ᠃ ᠲᠩᠷᠢ ᠶᠢᠨ ᠪᠤᠷᠬᠠᠨ ᠤ ᠬᠠᠤᠯᠢ ᠶᠢᠨ ᠪᠠᠭᠰᠢ᠂ ᠲᠠᠬᠢᠯᠴᠢ ᠡᠽᠷᠠ ᠲᠠ ᠨᠠᠷ ᠠᠴᠠ ᠬᠦᠰᠡᠬᠦ ᠪᠣᠯᠭᠠᠨ ᠢ ᠲᠠ ᠨᠠᠷ ᠬᠣᠢᠰᠢᠯᠠᠭᠤᠯᠤᠯ ᠦᠭᠡᠢ ᠬᠠᠩ᠋ᠭᠠᠭᠲᠤᠨ᠃ 22 ᠮᠥᠩᠭᠥ ᠶᠢ ᠵᠠᠭᠤᠨ ᠲᠠᠯᠠᠨᠲ 3 ᠂ ᠤᠯᠠᠭᠠᠨ ᠪᠤᠭᠤᠳᠠᠢ ᠶᠢ ᠵᠠᠭᠤᠨ ᠺᠣᠷ 4 ᠂ ᠳᠠᠷᠠᠰᠤ ᠶᠢ ᠵᠠᠭᠤᠨ ᠪᠠᠲ 5 ᠂ ᠲᠣᠰᠣ ᠶᠢ ᠵᠠᠭᠤᠨ ᠪᠠᠲ ᠤᠨ ᠬᠡᠮᠵᠢᠶ᠎ᠡ ᠳᠣᠲᠣᠷ᠎ᠠ ᠥᠭᠴᠦ᠂ ᠳᠠᠪᠤᠰᠤ ᠶᠢ ᠬᠡᠮᠵᠢᠶ᠎ᠡ ᠶᠢ ᠨᠢ ᠬᠢᠵᠠᠭᠠᠷᠯᠠᠯ ᠦᠭᠡᠢ ᠥᠭ︕ 23 ᠬᠠᠭᠠᠨ ᠪᠣᠯᠣᠨ ᠬᠠᠨ ᠬᠥᠪᠡᠭᠦᠨ ᠦ ᠬᠠᠭᠠᠨᠴᠢᠯᠠᠯ ᠤᠨ ᠳᠡᠭᠡᠷ᠎ᠡ ᠲᠡᠭᠦᠨ ᠦ ᠠᠭᠤᠷ ᠬᠢᠯᠢᠩ ᠢ ᠪᠠᠭᠤᠯᠭᠠᠬᠤ ᠦᠭᠡᠢ ᠶᠢᠨ ᠲᠤᠯᠠᠳᠠ ᠲᠩᠷᠢ ᠶᠢᠨ ᠪᠤᠷᠬᠠᠨ ᠤ ᠥᠷᠭᠥᠭᠡᠨ ᠦ ᠲᠠᠯ᠎ᠠ ᠪᠠᠷ ᠲᠩᠷᠢ ᠶᠢᠨ ᠪᠤᠷᠬᠠᠨ ᠤ ᠲᠤᠰᠢᠶᠠᠬᠤ ᠪᠣᠯᠭᠠᠨ ᠢ ᠭᠦᠢᠴᠡᠳ ᠪᠡᠶᠡᠯᠡᠭᠦᠯᠬᠦ ᠶᠣᠰᠣᠲᠠᠢ᠃ 24 ᠮᠥᠨ ᠲᠠᠬᠢᠯᠴᠢᠳ᠂ ᠯᠧᠸᠢᠴᠦᠳ᠂ ᠳᠠᠭᠤᠴᠢᠳ᠂ ᠬᠠᠭᠠᠯᠭᠠᠴᠢᠳ᠂ ᠥᠷᠭᠥᠭᠡᠨ ᠦ ᠵᠠᠷᠤᠴᠠ ᠨᠠᠷ ᠪᠤᠶᠤ ᠪᠤᠷᠬᠠᠨ ᠤ ᠡᠨᠡ ᠥᠷᠭᠥᠭᠡᠨ ᠳᠦ ᠠᠵᠢᠯᠯᠠᠳᠠᠭ ᠬᠥᠮᠦᠰ ᠲᠦ ᠲᠠᠲᠠᠪᠤᠷᠢ᠂ ᠠᠯᠪᠠ ᠭᠤᠪᠴᠢᠭᠤᠷ᠂ ᠬᠤᠷᠢᠶᠠᠮᠵᠢ ᠨᠣᠭᠳᠠᠭᠤᠯᠵᠤ ᠪᠣᠯᠬᠤ ᠦᠭᠡᠢ ᠭᠡᠳᠡᠭ ᠢ ᠲᠠ ᠨᠠᠷ ᠲᠤ ᠮᠡᠳᠡᠭᠳᠡᠵᠦ ᠪᠠᠢᠨ᠎ᠠ᠃
25 ᠡᠽᠷᠠ᠂ ᠴᠢ ᠭᠠᠷ ᠲᠠᠭᠠᠨ ᠪᠠᠢᠭ᠎ᠠ ᠪᠤᠷᠬᠠᠨ ᠤ ᠪᠠᠨ ᠮᠡᠷᠭᠡᠨ ᠤᠬᠠᠭᠠᠨ ᠤ ᠳᠠᠭᠠᠤ ᠡᠶᠦ᠋ᠹᠷᠠᠲ᠋ᠧᠰ ᠮᠥᠷᠡᠨ ᠦ ᠥᠷᠥᠨ᠎ᠡ ᠲᠠᠯ᠎ᠠ ᠶᠢᠨ ᠪᠦᠬᠦ ᠠᠷᠠᠳ ᠲᠦᠮᠡᠨ ᠪᠣᠯᠣᠨ ᠴᠢᠨᠦ ᠪᠤᠷᠬᠠᠨ ᠤ ᠬᠠᠤᠯᠢ ᠶᠢ ᠮᠡᠳᠡᠳᠡᠭ ᠠᠷᠠᠳ ᠲᠦᠮᠡᠨ ᠢ ᠰᠢᠭᠦᠬᠦ ᠲᠦᠰᠢᠮᠡᠳ ᠪᠣᠯᠣᠨ ᠰᠢᠭᠦᠭᠴᠢᠳ ᠢ ᠲᠣᠮᠢᠯᠠᠵᠤ᠂ ᠲᠡᠳᠡᠭᠡᠷ ᠢ ᠮᠡᠳᠡᠬᠦ ᠦᠭᠡᠢ ᠬᠥᠮᠦᠨ ᠳᠦ ᠵᠢᠭᠠᠵᠤ ᠥᠭ᠃ 26 ᠴᠢᠨᠦ ᠪᠤᠷᠬᠠᠨ ᠤ ᠬᠠᠤᠯᠢ᠂ ᠡᠰᠡᠪᠡᠯ ᠬᠠᠭᠠᠨ ᠤ ᠬᠠᠤᠯᠢ ᠶᠢ ᠦᠯᠦ ᠰᠠᠬᠢᠬᠤ ᠬᠥᠮᠦᠨ ᠪᠦᠷᠢ ᠶᠢ ᠴᠠᠭᠠᠵᠠᠯᠠᠬᠤ᠂ ᠴᠥᠯᠡᠬᠦ᠂ ᠡᠳ᠋ ᠬᠥᠷᠥᠩᠭᠡ ᠶᠢ ᠨᠢ ᠬᠤᠷᠢᠶᠠᠬᠤ᠂ ᠱᠣᠷᠣᠩ ᠳᠤ ᠬᠣᠷᠢᠬᠤ ᠭᠡᠬᠦ ᠮᠡᠲᠦ ᠪᠡᠷ ᠬᠠᠲᠠᠭᠤ ᠰᠢᠳᠬᠡᠬᠦ ᠶᠣᠰᠣᠲᠠᠢ᠃》
27 ᠪᠢᠳᠡᠨ ᠦ ᠡᠴᠢᠭᠡ ᠡᠪᠦᠭᠡᠳ ᠦᠨ ᠪᠤᠷᠬᠠᠨ ᠶᠣᠬᠣᠸᠠ ᠮᠠᠭᠲᠠᠭᠳᠠᠬᠤ ᠪᠣᠯᠲᠤᠭᠠᠢ᠃ ᠶᠣᠬᠣᠸᠠ ᠶᠧᠷᠦ᠋ᠰᠠᠯᠧᠮ ᠳᠠᠬᠢ ᠥᠪᠡᠷ ᠦᠨ ᠬᠢᠨᠢ ᠥᠷᠭᠥᠭᠡᠨ ᠦ ᠠᠯᠳᠠᠷ ᠢ ᠰᠡᠷᠭᠦᠭᠡᠬᠦ ᠰᠠᠨᠠᠭ᠎ᠠ ᠶᠢ ᠬᠠᠭᠠᠨ ᠤ ᠵᠢᠷᠦᠬᠡᠨ ᠳᠦ ᠣᠷᠣᠭᠤᠯᠵᠤ᠂ 28 ᠲᠡᠷᠡ ᠬᠠᠭᠠᠨ ᠪᠣᠯᠣᠨ ᠬᠠᠭᠠᠨ ᠤ ᠵᠥᠪᠯᠡᠭᠴᠢᠳ ᠤᠨ ᠡᠮᠦᠨ᠎ᠡ᠂ ᠡᠷᠬᠡᠲᠦ ᠨᠣᠶᠠᠳ ᠪᠦᠭᠦᠳᠡ ᠶᠢᠨ ᠬᠢᠨᠢ ᠡᠮᠦᠨ᠎ᠡ ᠨᠠᠳᠠ ᠳᠤ ᠬᠠᠢᠷ᠎ᠠ ᠡᠨᠡᠷᠢᠯ ᠢᠶᠠᠨ ᠬᠦᠷᠲᠡᠭᠡᠭᠰᠡᠨ᠃ ᠮᠢᠨᠦ ᠪᠤᠷᠬᠠᠨ ᠶᠣᠬᠣᠸᠠ ᠶᠢᠨ ᠮᠤᠲᠤᠷ ᠮᠢᠨᠦ ᠳᠡᠭᠡᠷ᠎ᠡ ᠪᠠᠢᠭᠰᠠᠨ ᠪᠣᠯᠬᠣᠷ ᠪᠢ ᠵᠣᠷᠢᠭᠵᠢᠵᠤ᠂ ᠥᠪᠡᠷ ᠲᠡᠢ ᠮᠢᠨᠢ ᠬᠠᠮᠲᠤ ᠶᠠᠪᠤᠬᠤ ᠢᠰᠷᠧᠯ ᠤᠨ ᠤᠳᠤᠷᠢᠳᠤᠭᠴᠢᠳ ᠢ ᠴᠤᠭᠯᠠᠭᠤᠯᠤᠭᠰᠠᠨ ᠶᠤᠮ᠃