ᠨᠢᠭᠡᠳᠦᠭᠡᠷ ᠰᠠᠮᠦ᠋ᠶᠧᠯ ᠨᠢᠭᠡ
ᠬᠠᠨ᠎ᠠ ᠶᠢᠨ ᠳᠠᠭᠠᠳᠬᠠᠯ
1 ᠡᠹᠷᠠᠢᠮ ᠤᠨ ᠠᠭᠤᠯᠠᠷᠬᠠᠭ ᠨᠤᠲᠤᠭ ᠤᠨ ᠷᠠᠮᠠᠲ᠋ᠠᠢᠮ ᠳᠤ ᠡᠹᠷᠠᠢᠮ ᠣᠪᠣᠭ ᠤᠨ ᠽᠣᠹ ᠤᠳᠤᠮ ᠤᠨ ᠡᠯᠺᠠᠨᠠ ᠬᠡᠮᠡᠬᠦ ᠨᠢᠭᠡᠨ ᠡᠷ᠎ᠡ ᠪᠠᠢᠵᠠᠢ᠃ ᠲᠡᠷᠡ ᠬᠥᠮᠦᠨ ᠽᠣᠹ ᠤᠨ ᠭᠤᠴᠢ᠂ ᠲᠣᠾᠦ᠋ ᠶᠢᠨ ᠵᠢᠴᠢ᠂ ᠡᠯᠢᠾᠦ᠋ ᠶᠢᠨ ᠠᠴᠢ᠂ ᠶᠧᠷᠣᠬᠠᠮ ᠤᠨ ᠬᠦᠦ ᠪᠢᠯᠡ᠃ 2 ᠲᠡᠭᠦᠨ ᠳᠦ ᠬᠣᠶᠠᠷ ᠡᠬᠡᠨᠡᠷ ᠲᠡᠢ ᠪᠠᠢᠭᠰᠠᠨ᠃ ᠨᠢᠭᠡ ᠶᠢ ᠨᠢ ᠬᠠᠨ᠎ᠠ᠂ ᠨᠥᠭᠥᠭᠡ ᠶᠢ ᠨᠢ ᠫᠧᠨᠢᠨᠠ ᠭᠡᠳᠡᠭ᠃ ᠫᠧᠨᠢᠨᠠ ᠬᠡᠦᠬᠡᠳ ᠲᠡᠢ᠂ ᠬᠠᠨ᠎ᠠ ᠬᠡᠦᠬᠡᠳ ᠦᠭᠡᠢ ᠪᠠᠢᠵᠠᠢ᠃
3 ᠲᠡᠷᠡ ᠡᠷ᠎ᠡ ᠵᠢᠯ ᠪᠦᠷᠢ ᠬᠣᠲᠠ ᠠᠴᠠ ᠪᠠᠨ ᠭᠠᠷᠴᠤ ᠱᠢᠯᠣ᠋ ᠳᠤ ᠣᠴᠢᠵᠤ ᠠᠤᠭ᠎ᠠ ᠬᠦᠴᠦᠲᠦ ᠶᠣᠬᠣᠸᠠ ᠳᠤ ᠮᠥᠷᠭᠥᠨ᠂ ᠲᠠᠬᠢᠯ ᠡᠷᠭᠦᠳᠡᠭ ᠪᠠᠢᠵᠠᠢ᠃ ᠲᠡᠨᠳᠡ ᠡᠯᠢ ᠶᠢᠨ ᠬᠣᠶᠠᠷ ᠬᠥᠪᠡᠭᠦᠨ᠂ ᠶᠣᠬᠣᠸᠠ ᠶᠢᠨ ᠲᠠᠬᠢᠯᠴᠢ ᠪᠣᠯᠣᠭᠰᠠᠨ ᠬᠣᠹᠨᠢ᠂ ᠹᠢᠨᠧᠬᠠᠰ ᠪᠠᠢᠵᠠᠢ᠃ 4 ᠴᠠᠭ ᠪᠣᠯᠵᠤ ᠲᠠᠬᠢᠯ ᠡᠷᠭᠦᠭᠰᠡᠨ ᠦ ᠳᠠᠷᠠᠭ᠎ᠠ᠂ ᠡᠯᠺᠠᠨᠠ ᠡᠬᠡᠨᠡᠷ ᠫᠧᠨᠢᠨᠠ ᠪᠠ ᠲᠡᠭᠦᠨ ᠦ ᠬᠥᠪᠡᠭᠦᠳ ᠥᠬᠢᠳ ᠪᠣᠯᠭᠠᠨ ᠳᠤ ᠬᠤᠪᠢ ᠥᠭᠭᠥᠭᠰᠡᠨ ᠪᠥᠭᠡᠳ 5 ᠬᠠᠨ᠎ᠠ ᠶᠢᠨ ᠬᠤᠪᠢ ᠶᠢ ᠢᠯᠡᠭᠦᠦ ᠳᠠᠬᠢᠨ ᠢᠶᠠᠷ ᠥᠭᠳᠡᠭ ᠪᠠᠢᠯ᠎ᠠ᠃ ᠤᠴᠢᠷ ᠨᠢ ᠲᠡᠷᠡ ᠬᠠᠨ᠎ᠠ ᠳᠤ ᠬᠠᠢᠷᠠᠲᠠᠢ ᠠᠵᠢ᠃ ᠬᠠᠷᠢᠨ ᠶᠣᠬᠣᠸᠠ ᠲᠡᠭᠦᠨ ᠦ ᠬᠡᠪᠡᠯᠢ ᠶᠢ ᠬᠠᠭᠠᠭᠰᠠᠨ ᠪᠠᠢᠪᠠ᠃ 6 ᠶᠣᠬᠣᠸᠠ ᠬᠡᠪᠡᠯᠢ ᠶᠢ ᠨᠢ ᠬᠠᠭᠠᠭᠰᠠᠨ ᠪᠣᠯᠬᠣᠷ ᠲᠡᠭᠦᠨ ᠲᠡᠢ ᠥᠷᠢᠰᠥᠯᠳᠦᠭᠴᠢ ᠫᠧᠨᠢᠨᠠ ᠲᠡᠭᠦᠨ ᠢ ᠵᠣᠪᠠᠭᠠᠬᠤ ᠭᠡᠵᠦ ᠶᠡᠬᠡᠳᠡ ᠴᠢᠬᠤᠯᠳᠠᠭᠤᠯᠳᠠᠭ ᠪᠠᠢᠯ᠎ᠠ᠃ 7 ᠬᠠᠨ᠎ᠠ ᠵᠢᠯ ᠵᠢᠯ ᠶᠣᠬᠣᠸᠠ ᠶᠢᠨ ᠥᠷᠭᠥᠭᠡᠨ ᠳᠦ ᠣᠴᠢᠬᠤ ᠪᠣᠯᠭᠠᠨ ᠳᠤ ᠡᠢᠮᠦ ᠶᠠᠭᠤᠮ᠎ᠠ ᠪᠣᠯᠳᠠᠭ ᠪᠥᠭᠡᠳ ᠫᠧᠨᠢᠨᠠ ᠲᠡᠭᠦᠨ ᠦ ᠬᠣᠣᠷ ᠢ ᠮᠠᠯᠲᠠᠳᠠᠭ ᠪᠠᠢᠪᠠ᠃ ᠲᠡᠭᠡᠬᠦ ᠳᠦᠨᠢ ᠬᠠᠨ᠎ᠠ ᠤᠬᠢᠯᠠᠵᠤ ᠤᠨᠵᠢᠨ ᠢᠳᠡᠵᠦ ᠤᠤᠭᠤᠳᠠᠭ ᠴᠤ ᠦᠭᠡᠢ ᠪᠠᠢᠵᠠᠢ᠃ 8 ᠨᠥᠬᠥᠷ ᠡᠯᠺᠠᠨᠠ ᠨᠢ ᠲᠡᠭᠦᠨ ᠳᠦ᠄ 《ᠬᠠᠨ᠎ᠠ᠂ ᠴᠢ ᠶᠠᠭᠤᠨ ᠳᠤ ᠤᠬᠢᠯᠠᠵᠤ᠂ ᠶᠠᠭᠤ ᠴᠤ ᠢᠳᠡᠬᠦ ᠦᠭᠡᠢ ᠪᠠᠢᠨ᠎ᠠ ᠪᠤᠢ︖ ᠶᠠᠭᠤᠨ ᠳᠤ ᠵᠢᠷᠦᠬᠡ ᠰᠡᠳᠬᠢᠯ ᠴᠢᠨᠢ ᠭᠤᠨᠢᠭᠯᠠᠨ᠎ᠠ ᠪᠤᠢ︖ ᠪᠢ ᠴᠢᠮ᠎ᠠ ᠳᠤ ᠠᠷᠪᠠᠨ ᠬᠥᠪᠡᠭᠦᠨ ᠡᠴᠡ ᠳᠡᠭᠡᠷ᠎ᠡ ᠦᠭᠡᠢ ᠤᠤ︖》 ᠭᠡᠪᠡ᠃
9 ᠱᠢᠯᠣ᠋ ᠳᠤ ᠲᠡᠳᠡ ᠢᠳᠡᠵᠦ ᠤᠤᠭᠤᠵᠤ ᠳᠠᠭᠤᠰᠤᠭᠰᠠᠨ ᠤ ᠳᠠᠷᠠᠭ᠎ᠠ ᠬᠠᠨ᠎ᠠ ᠪᠣᠰᠪᠠ᠃ ᠲᠠᠬᠢᠯᠴᠢ ᠡᠯᠢ ᠶᠣᠬᠣᠸᠠ ᠶᠢᠨ ᠥᠷᠭᠥᠭᠡᠨ ᠦ ᠬᠠᠭᠠᠯᠭᠠᠨ ᠤ ᠪᠠᠭᠠᠨ᠎ᠠ ᠶᠢᠨ ᠳᠡᠷᠭᠡᠳᠡ ᠰᠠᠭᠤᠳᠠᠯ ᠳᠡᠭᠡᠷ᠎ᠡ ᠰᠠᠭᠤᠵᠤ ᠪᠠᠢᠬᠤ ᠳᠤ᠂ 10 ᠰᠡᠳᠬᠢᠯ ᠶᠡᠬᠡᠳᠡ ᠵᠣᠪᠠᠭᠰᠠᠨ ᠬᠠᠨ᠎ᠠ ᠶᠣᠬᠣᠸᠠ ᠳᠤ ᠳᠠᠭᠠᠳᠬᠠᠵᠠᠢ᠃ ᠲᠡᠷᠡ ᠭᠠᠰᠢᠭᠤᠨ ᠢᠶᠠᠷ ᠤᠬᠢᠯᠠᠭᠰᠠᠭᠠᠷ᠄ 11 《ᠠᠤᠭ᠎ᠠ ᠬᠦᠴᠦᠲᠦ ᠶᠣᠬᠣᠸᠠ ᠮᠢᠨᠢ᠂ ᠬᠡᠷᠪᠡ ᠲᠠ ᠦᠨᠡᠬᠡᠷ ᠰᠢᠪᠡᠭᠴᠢᠨ ᠤ ᠪᠠᠨ ᠵᠣᠪᠠᠯᠠᠩ ᠢ ᠦᠵᠡᠭᠡᠳ᠂ ᠨᠠᠮᠠᠶᠢ ᠰᠠᠨᠠᠵᠤ᠂ ᠰᠢᠪᠡᠭᠴᠢᠨ ᠢᠶᠠᠨ ᠦᠯᠦ ᠮᠠᠷᠲᠠᠨ᠂ ᠰᠢᠪᠡᠭᠴᠢᠨ ᠳᠡᠭᠡᠨ ᠬᠥᠪᠡᠭᠦᠨ ᠰᠣᠶᠣᠷᠬᠠᠪᠠᠯ᠂ ᠪᠢ ᠲᠡᠭᠦᠨ ᠢ᠂ ᠠᠮᠢᠳᠤᠷᠠᠯ ᠤᠨ ᠬᠢᠨᠢ ᠪᠦᠬᠦ ᠡᠳᠦᠷ ᠤᠳ ᠢ ᠶᠣᠬᠣᠸᠠ ᠲᠠᠨ ᠳᠤ ᠥᠭᠭᠥᠶ᠎ᠡ᠂ ᠲᠡᠭᠦᠨ ᠦ ᠲᠣᠯᠣᠭᠠᠢ ᠳᠤ ᠲᠣᠩ᠋ᠭᠣᠷᠠᠭ ᠴᠤ ᠬᠦᠷᠭᠡᠬᠦ ᠦᠭᠡᠢ》 ᠭᠡᠵᠦ ᠠᠮᠠᠯᠠᠪᠠ᠃
12 ᠬᠠᠨ᠎ᠠ ᠶᠣᠬᠣᠸᠠ ᠶᠢᠨ ᠡᠮᠦᠨ᠎ᠡ ᠢᠩᠭᠢᠵᠦ ᠳᠠᠭᠠᠳᠬᠠᠭᠰᠠᠭᠠᠷ ᠪᠠᠢᠬᠤ ᠳᠤ᠂ ᠡᠯᠢ ᠲᠡᠭᠦᠨ ᠦ ᠠᠮᠠ ᠶᠢ ᠠᠵᠢᠭᠯᠠᠨ ᠬᠠᠷᠠᠵᠤ ᠪᠠᠢᠪᠠ᠃ 13 ᠲᠡᠷᠡ ᠦᠶ᠎ᠡ ᠳᠦ᠂ ᠬᠠᠨ᠎ᠠ ᠳᠣᠲᠣᠷ᠎ᠠ ᠪᠠᠨ ᠶᠠᠷᠢᠵᠤ᠂ ᠵᠥᠪᠬᠡᠨ ᠣᠷᠣᠭᠤᠯ ᠨᠢ ᠬᠥᠳᠡᠯᠵᠦ ᠳᠠᠭᠤ ᠨᠢ ᠰᠣᠨᠣᠰᠳᠠᠬᠤ ᠦᠭᠡᠢ ᠪᠠᠢᠯ᠎ᠠ᠃ ᠲᠡᠭᠡᠬᠦ ᠳᠦᠨᠢ ᠡᠯᠢ ᠲᠡᠭᠦᠨ ᠢ ᠰᠣᠭᠲᠣᠭᠤ ᠪᠠᠢᠨ᠎ᠠ ᠭᠡᠵᠦ ᠪᠣᠳᠣᠵᠠᠢ᠃ 14 ᠡᠯᠢ ᠲᠡᠭᠦᠨ ᠳᠦ᠄ 《ᠴᠢ ᠬᠡᠳᠦᠢ ᠪᠣᠯᠲᠠᠯ᠎ᠠ ᠰᠣᠭᠲᠣᠭᠤ ᠪᠠᠢᠬᠤ ᠶᠤᠮ ᠪᠤᠢ︖ ᠠᠷᠢᠬᠢ ᠡᠴᠡ ᠬᠣᠯᠠᠳᠠ》 ᠭᠡᠪᠡ᠃ 15 ᠬᠠᠨ᠎ᠠ ᠬᠠᠷᠢᠭᠤ ᠳᠤᠨᠢ᠄ 《ᠦᠭᠡᠢ᠂ ᠡᠵᠡᠨᠲᠡᠨ ᠮᠢᠨᠢ᠂ ᠪᠢ ᠰᠦᠨᠡᠰᠦ ᠪᠡᠷ ᠢᠶᠠᠨ ᠴᠥᠬᠥᠷᠡᠭᠰᠡᠨ ᠡᠮᠡᠭᠲᠡᠢ ᠰᠢᠦ ᠳᠠ᠃ ᠪᠢ ᠠᠷᠢᠬᠢ ᠳᠠᠷᠠᠰᠤ ᠤᠤᠭᠤᠭ᠎ᠠ ᠦᠭᠡᠢ᠂ ᠶᠣᠬᠣᠸᠠ ᠳᠤ ᠰᠡᠳᠬᠢᠯ ᠢᠶᠠᠨ ᠠᠭᠤᠳᠠᠯᠵᠤ ᠪᠠᠢᠨ᠎ᠠ᠃ 16 ᠰᠢᠪᠡᠭᠴᠢᠨ ᠢᠶᠠᠨ ᠪᠦᠲᠦᠯ ᠦᠭᠡᠢ ᠡᠮᠡᠭᠲᠡᠢ ᠭᠡᠵᠦ ᠪᠢᠲᠡᠭᠡᠢ ᠪᠣᠳᠣᠭᠠᠷᠠᠢ᠃ ᠪᠢ ᠵᠣᠪᠠᠯᠠᠩ ᠲᠠᠢ᠂ ᠤᠴᠠᠭᠠᠷ ᠲᠠᠢ ᠪᠣᠯᠬᠣᠷ ᠡᠢᠮᠦ ᠤᠳᠠᠭᠠᠨ ᠶᠠᠷᠢᠯ᠎ᠠ》 ᠭᠡᠪᠡ᠃ 17 ᠡᠯᠢ ᠬᠠᠷᠢᠭᠤᠯᠤᠨ᠄ 《ᠠᠮᠤᠷ ᠠᠮᠤᠭᠤᠯᠠᠩ ᠶᠠᠪᠤᠭᠲᠤᠨ︕ ᠢᠰᠷᠧᠯ ᠤᠨ ᠪᠤᠷᠬᠠᠨ ᠭᠤᠶᠤᠭᠰᠠᠨ ᠭᠤᠶᠤᠯᠲᠠ ᠶᠢ ᠴᠢᠨᠢ ᠵᠥᠪᠰᠢᠶᠡᠷᠡᠬᠦ ᠪᠣᠯᠣᠨ᠎ᠠ︕》 ᠭᠡᠰᠡᠨ ᠳᠦ᠂ 18 ᠬᠠᠨ᠎ᠠ᠄ 《ᠰᠢᠪᠡᠭᠴᠢᠨ ᠲᠠᠨᠢ ᠲᠠᠨ ᠤ ᠡᠮᠦᠨ᠎ᠡ ᠲᠠᠭᠠᠯᠠᠯ ᠢ ᠣᠯᠬᠤ ᠪᠣᠯᠲᠤᠭᠠᠢ︕》 ᠭᠡᠪᠡ᠃ ᠡᠢᠨ ᠬᠦ ᠲᠡᠷᠡ ᠡᠮᠡᠭᠲᠡᠢ ᠵᠠᠮ ᠢᠶᠠᠷ ᠢᠶᠠᠨ ᠶᠠᠪᠤᠵᠤ᠂ ᠬᠣᠭᠣᠯᠠ ᠤᠮᠳᠠ ᠢᠳᠡᠵᠦ᠂ ᠴᠢᠷᠠᠢ ᠳᠤᠨᠢ ᠭᠤᠨᠢᠭ ᠦᠭᠡᠢ ᠪᠣᠯᠪᠠ᠃
ᠰᠠᠮᠦ᠋ᠶᠧᠯ ᠲᠥᠷᠥᠭᠰᠡᠨ ᠨᠢ
19 ᠲᠡᠳᠡ ᠥᠷᠯᠥᠭᠡ ᠡᠷᠲᠡ ᠪᠣᠰᠴᠤ᠂ ᠶᠣᠬᠣᠸᠠ ᠶᠢᠨ ᠡᠮᠦᠨ᠎ᠡ ᠮᠥᠷᠭᠥᠭᠡᠳ᠂ ᠷᠠᠮᠠ ᠳᠠᠬᠢ ᠭᠡᠷ ᠤᠷᠤᠭᠤ ᠪᠠᠨ ᠪᠤᠴᠠᠵᠤ ᠢᠷᠡᠵᠡᠭᠡᠪᠡ᠃ ᠡᠯᠺᠠᠨᠠ ᠡᠬᠡᠨᠡᠷ ᠬᠠᠨ᠎ᠠ ᠲᠠᠢ ᠪᠠᠨ ᠡᠩᠭᠡᠷ ᠵᠥᠷᠢᠭᠦᠯᠦᠭᠰᠡᠨ ᠳᠦ᠂ ᠶᠣᠬᠣᠸᠠ ᠲᠡᠭᠦᠨ ᠢ ᠰᠠᠨᠠᠪᠠ᠃ 20 ᠬᠠᠨ᠎ᠠ ᠵᠢᠷᠮᠦᠰᠦᠯᠡᠵᠦ ᠴᠠᠭ ᠨᠢ ᠪᠣᠯᠬᠤ ᠳᠤ ᠬᠥᠪᠡᠭᠦᠨ ᠲᠥᠷᠥᠭᠦᠯᠦᠨ 《ᠪᠢ ᠲᠡᠭᠦᠨ ᠢ ᠶᠣᠬᠣᠸᠠ ᠠᠴᠠ ᠭᠤᠶᠤᠭᠰᠠᠨ》 ᠭᠡᠳ ᠲᠡᠭᠦᠨ ᠢ ᠰᠠᠮᠦ᠋ᠶᠧᠯ 1 ᠭᠡᠵᠦ ᠨᠡᠷᠡᠯᠡᠪᠡ᠃
21 ᠲᠡᠭᠡᠭᠡᠳ ᠨᠥᠬᠥᠷ ᠡᠯᠺᠠᠨᠠ ᠨᠢ ᠪᠦᠬᠦ ᠭᠡᠷ ᠦᠨ ᠬᠢᠨ ᠲᠠᠢ ᠪᠠᠨ ᠬᠠᠮᠲᠤ ᠡᠵᠡᠨ ᠳᠦ ᠵᠢᠯ ᠤᠨ ᠲᠠᠬᠢᠯ ᠡᠷᠭᠦᠵᠦ ᠲᠠᠩ᠋ᠭᠠᠷᠢᠭ ᠢᠶᠠᠨ ᠪᠡᠶᠡᠯᠡᠭᠦᠯᠬᠦ ᠪᠡᠷ ᠶᠠᠪᠤᠬᠤ ᠳᠤ᠂ 22 ᠬᠠᠨ᠎ᠠ ᠶᠠᠪᠤᠭᠰᠠᠨ ᠦᠭᠡᠢ᠂ ᠲᠡᠷᠡ ᠨᠥᠬᠥᠷ ᠲᠡᠭᠡᠨ᠄ 《ᠡᠨᠡ ᠬᠡᠦᠬᠡᠳ ᠬᠥᠬᠥᠨ ᠡᠴᠡ ᠭᠠᠷᠬᠤ ᠳᠤ᠂ ᠪᠢ ᠲᠡᠭᠦᠨ ᠢ ᠠᠪᠠᠴᠢᠵᠤ ᠶᠣᠬᠣᠸᠠ ᠳᠤ ᠦᠵᠡᠭᠦᠯᠦᠭᠡᠳ ᠡᠭᠦᠷᠢᠳᠡ ᠲᠡᠨᠳᠡ ᠰᠠᠭᠤᠯᠭᠠᠨ᠎ᠠ》 ᠭᠡᠵᠦ ᠬᠡᠯᠡᠪᠡ᠃ 23 ᠨᠥᠬᠥᠷ ᠡᠯᠺᠠᠨᠠ ᠨᠢ᠄ 《ᠴᠢ ᠲᠠᠭᠠᠯᠠᠯ ᠢᠶᠠᠷ ᠢᠶᠠᠨ ᠬᠢ᠃ ᠬᠥᠪᠡᠭᠦᠨ ᠢ ᠬᠥᠬᠥᠨ ᠡᠴᠡ ᠭᠠᠷᠲᠠᠯ᠎ᠠ ᠨᠢ ᠡ᠊ᠨᠳᠡ ᠦᠯᠡᠳᠡᠭᠡ᠃ ᠭᠠᠭᠴᠠ ᠬᠦ ᠶᠣᠬᠣᠸᠠ ᠶᠢᠨ ᠦᠭᠡ ᠲᠣᠭᠲᠠᠬᠤ ᠪᠣᠯᠲᠤᠭᠠᠢ︕》 ᠭᠡᠪᠡ᠃ ᠲᠡᠢᠨ ᠬᠦ ᠲᠡᠷᠡ ᠡᠮᠡᠭᠲᠡᠢ ᠦᠯᠡᠳᠡᠵᠦ᠂ ᠬᠥᠪᠡᠭᠦᠨ ᠢᠶᠡᠨ ᠬᠥᠬᠥᠨ ᠡᠴᠡ ᠭᠠᠷᠲᠠᠯ᠎ᠠ ᠨᠢ ᠬᠥᠬᠥᠭᠦᠯᠵᠦ ᠲᠡᠵᠢᠭᠡᠪᠡ᠃ 24 ᠬᠥᠪᠡᠭᠦᠨ ᠬᠥᠬᠥᠨ ᠡᠴᠡ ᠭᠠᠷᠤᠭᠰᠠᠨ ᠳᠤ᠂ ᠬᠠᠨ᠎ᠠ ᠭᠤᠷᠪᠠᠨ ᠨᠠᠰᠤᠲᠠᠢ ᠪᠤᠬ᠎ᠠ 2 ᠂ ᠨᠢᠭᠡ ᠡᠹᠠ ᠭᠤᠯᠢᠷ᠂ ᠨᠢᠭᠡ ᠲᠤᠯᠤᠮ ᠳᠠᠷᠠᠰᠤ ᠠᠪᠴᠤ᠂ ᠬᠦᠦ ᠪᠡᠨ ᠱᠢᠯᠣ᠋ ᠥᠭᠡᠳᠡ ᠬᠦᠷᠭᠡᠨ ᠶᠣᠬᠣᠸᠠ ᠶᠢᠨ ᠥᠷᠭᠥᠭᠡᠨ ᠳᠦ ᠠᠪᠴᠢᠷᠠᠪᠠ᠃ ᠲᠡᠭᠡᠬᠦ ᠳᠦ ᠬᠦᠦ ᠨᠢ ᠨᠢᠯᠬ᠎ᠠ ᠪᠠᠷ ᠢᠶᠠᠨ ᠪᠠᠢᠪᠠ᠃ 25 ᠲᠡᠳᠡ ᠪᠤᠬ᠎ᠠ ᠪᠠᠨ ᠨᠢᠲᠤᠯᠵᠤ᠂ ᠬᠦᠦ ᠶᠢ ᠡᠯᠢ ᠳᠤ ᠠᠪᠴᠢᠷᠠᠵᠤ ᠥᠭᠪᠡ᠃ 26 ᠬᠠᠨ᠎ᠠ ᠲᠡᠭᠦᠨ ᠳᠦ᠄ 《ᠥ᠂ ᠡᠵᠡᠨᠲᠡᠨ ᠮᠢᠨᠢ ᠡ︕ ᠲᠠᠨ ᠤ ᠠᠮᠢᠳᠤ ᠪᠠᠢᠭ᠎ᠠ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠡᠵᠡᠨᠲᠡᠨ ᠮᠢᠨᠢ ᠡ︕ ᠪᠢ ᠪᠣᠯ ᠶᠠᠭ ᠡ᠊ᠨᠳᠡ ᠲᠠᠨ ᠤ ᠳᠡᠷᠭᠡᠳᠡ ᠵᠣᠭᠰᠣᠵᠤ ᠳᠠᠭᠠᠳᠬᠠᠵᠤ ᠪᠠᠢᠭᠰᠠᠨ ᠨᠥᠭᠥᠭᠡ ᠡᠮᠡᠭᠲᠡᠢ ᠰᠢᠦ ᠳᠠ᠃ 27 ᠡᠨᠡ ᠵᠢᠭᠠᠯ ᠬᠦᠦ ᠶᠢ ᠣᠯᠬᠤ ᠶᠢᠨ ᠲᠥᠯᠥᠭᠡ ᠪᠢ ᠳᠠᠭᠠᠳᠬᠠᠭᠰᠠᠨ ᠳᠤ᠂ ᠶᠣᠬᠣᠸᠠ ᠭᠤᠶᠤᠭᠰᠠᠨ ᠭᠤᠶᠤᠯᠲᠠ ᠶᠢ ᠮᠢᠨᠢ ᠵᠥᠪᠰᠢᠶᠡᠷᠡᠵᠦ ᠰᠣᠶᠣᠷᠬᠠᠭᠰᠠᠨ ᠪᠢᠯᠡ᠃ 28 ᠲᠡᠢᠮᠦ ᠡᠴᠡ ᠪᠢ ᠴᠤ ᠮᠥᠨ ᠡᠨᠡ ᠬᠥᠪᠡᠭᠦᠨ ᠢ ᠶᠣᠬᠣᠸᠠ ᠳᠤ ᠵᠣᠷᠢᠭᠤᠯᠤᠯ᠎ᠠ᠃ ᠡᠨᠡ ᠬᠥᠪᠡᠭᠦᠨ ᠠᠮᠢᠳᠤ ᠪᠠᠢᠬᠤ ᠴᠠᠭ ᠲᠠᠭᠠᠨ ᠶᠣᠬᠣᠸᠠ ᠳᠤ ᠵᠣᠷᠢᠭᠤᠯᠤᠭᠳᠠᠪᠠ》 ᠭᠡᠪᠡ᠃ ᠲᠡᠷᠡ ᠲᠡᠨᠳᠡ ᠶᠣᠬᠣᠸᠠ ᠳᠤ ᠮᠥᠷᠭᠥᠪᠡ᠃