ᠨᠢᠭᠡᠳᠦᠭᠡᠷ ᠰᠠᠮᠦ᠋ᠶᠧᠯ ᠬᠣᠷᠢᠨ ᠲᠠᠪᠤ
ᠳ᠋ᠠᠸᠢᠳ᠋ ᠬᠢᠭᠡᠳ ᠨᠠᠪᠠᠯ ᠠᠪᠢᠭᠠᠢᠯ ᠬᠣᠶᠠᠷ
1 ᠰᠠᠮᠦ᠋ᠶᠧᠯ ᠥᠭᠡᠳᠡ ᠪᠣᠯᠪᠠ᠃ ᠪᠦᠬᠦ ᠢᠰᠷᠧᠯ ᠴᠤᠭᠯᠠᠷᠠᠵᠤ ᠲᠡᠭᠦᠨ ᠦ ᠲᠥᠯᠥᠭᠡ ᠭᠠᠰᠢᠭᠤᠳᠠᠨ᠂ ᠲᠡᠭᠦᠨ ᠢ ᠷᠠᠮᠠ ᠳᠠᠬᠢ ᠨᠤᠲᠤᠭ ᠲᠤᠨᠢ ᠣᠷᠣᠰᠢᠭᠤᠯᠪᠠ᠃
2 ᠲᠡᠷᠡ ᠦᠶ᠎ᠡ ᠳᠦ ᠮᠠᠶᠣᠨ ᠳᠤ ᠶᠡᠬᠡ ᠪᠠᠶᠠᠨ ᠬᠥᠮᠦᠨ ᠪᠠᠢᠵᠠᠢ᠃ ᠲᠡᠭᠦᠨ ᠦ ᠪᠡᠯᠴᠢᠭᠡᠷ ᠺᠠᠷᠮᠧᠯ ᠳᠤ ᠪᠠᠢᠭᠰᠠᠨ ᠪᠥᠭᠡᠳ ᠲᠡᠭᠦᠨ ᠳᠦ ᠭᠤᠷᠪᠠᠨ ᠮᠢᠩ᠋ᠭᠠᠨ ᠬᠣᠨᠢ᠂ ᠮᠢᠩ᠋ᠭᠠᠨ ᠢᠮᠠᠭ᠎ᠠ ᠲᠠᠢ ᠪᠠᠢᠯ᠎ᠠ᠃ ᠲᠡᠷᠡ ᠺᠠᠷᠮᠧᠯ ᠳᠤ ᠢᠷᠡᠭᠡᠳ ᠬᠣᠨᠢ ᠪᠠᠨ ᠬᠠᠢᠴᠢᠯᠠᠵᠤ ᠪᠠᠢᠪᠠ᠃ 3 ᠲᠡᠷᠡ ᠬᠥᠮᠦᠨ ᠦ ᠨᠡᠷ᠎ᠡ ᠶᠢ ᠨᠠᠪᠠᠯ᠂ ᠡᠬᠡᠨᠡᠷ ᠦᠨ ᠬᠢᠨᠢ ᠨᠡᠷ᠎ᠡ ᠶᠢ ᠠᠪᠢᠭᠠᠢᠯ ᠭᠡᠳᠡᠭ᠃ ᠡᠬᠡᠨᠡᠷ ᠨᠢ ᠤᠬᠠᠭᠠᠨ ᠰᠠᠢᠲᠠᠢ᠂ ᠭᠤᠸ᠎ᠠ ᠦᠵᠡᠰᠬᠦᠯᠡᠩ᠂ ᠬᠠᠷᠢᠨ ᠨᠥᠬᠥᠷ ᠨᠢ ᠵᠥᠷᠢᠭᠦᠳ᠂ ᠬᠣᠷᠣᠨ ᠮᠠᠭᠤ ᠪᠠᠢᠵᠠᠢ᠃ ᠲᠡᠷᠡ ᠺᠠᠯᠧᠪ ᠬᠥᠮᠦᠨ ᠪᠠᠢᠪᠠ᠃ 4 ᠳ᠋ᠠᠸᠢᠳ᠋ ᠴᠥᠯ ᠳᠤ ᠪᠠᠢᠬᠤ ᠳᠠᠭᠠᠨ ᠨᠠᠪᠠᠯ ᠤᠨ ᠬᠣᠨᠢ ᠪᠠᠨ ᠬᠠᠢᠴᠢᠯᠠᠵᠤ ᠪᠠᠢᠬᠤ ᠶᠢ ᠰᠣᠨᠣᠰᠣᠭᠠᠳ᠂ 5 ᠠᠷᠪᠠᠨ ᠵᠠᠯᠠᠭᠤ ᠪᠠᠨ ᠶᠠᠪᠤᠭᠤᠯᠤᠨ᠂ ᠲᠡᠳᠡᠨ ᠳᠦ᠄ 《ᠺᠠᠷᠮᠧᠯ ᠥᠭᠡᠳᠡ ᠶᠠᠪᠤᠵᠤ᠂ ᠨᠠᠪᠠᠯ ᠲᠠᠢ ᠠᠭᠤᠯᠵᠠᠨ ᠮᠢᠨᠦ ᠨᠡᠷ᠎ᠡ ᠶᠢᠨ ᠡᠮᠦᠨ᠎ᠡ ᠡᠴᠡ ᠲᠡᠭᠦᠨ ᠦ ᠮᠡᠨᠳᠦ ᠶᠢ ᠠᠰᠠᠭᠤ᠃ 6 ᠲᠠ ᠨᠠᠷ ᠮᠡᠨᠳᠦᠴᠢᠯᠡᠬᠦ ᠳᠡᠭᠡᠨ᠄ 〈ᠤᠷᠲᠤ ᠨᠠᠰᠤᠯᠠᠬᠤ ᠪᠣᠯᠲᠤᠭᠠᠢ᠃ ᠲᠠ ᠪᠣᠯᠣᠨ ᠲᠠᠨ ᠤ ᠭᠡᠷ ᠪᠦᠯᠢ ᠳᠤ ᠠᠮᠤᠷ ᠠᠮᠤᠭᠤᠯᠠᠩ ᠪᠠᠢᠬᠤ ᠪᠣᠯᠲᠤᠭᠠᠢ᠃ ᠬᠠᠮᠤᠭ ᠪᠦᠬᠦᠨ ᠴᠢᠨᠢ ᠠᠮᠤᠷ ᠠᠮᠤᠭᠤᠯᠠᠩ ᠪᠠᠢᠬᠤ ᠪᠣᠯᠲᠤᠭᠠᠢ᠃ 7 ᠮᠠᠨ ᠤ ᠬᠢᠨ ᠲᠠᠢ ᠬᠠᠮᠲᠤ ᠪᠠᠢᠭᠰᠠᠨ ᠲᠠᠨ ᠤ ᠬᠣᠨᠢᠴᠢᠳ ᠣᠳᠣ ᠲᠠᠨ ᠤ ᠳᠤ ᠬᠣᠨᠢ ᠬᠠᠢᠴᠢᠯᠠᠵᠤ ᠪᠠᠢᠨ᠎ᠠ ᠭᠡᠵᠦ ᠰᠣᠨᠣᠰᠣᠯ᠎ᠠ᠃ ᠺᠠᠷᠮᠧᠯ ᠳᠤ ᠪᠠᠢᠬᠤ ᠳᠤᠨᠢ ᠲᠡᠳᠡᠨ ᠳᠦ ᠪᠢᠳᠡ ᠶᠡᠷᠦ ᠰᠠᠭᠠᠳ ᠬᠢᠭᠡ ᠦᠭᠡᠢ᠃ ᠪᠢᠳᠡ ᠲᠡᠳᠡᠨ ᠡᠴᠡ ᠶᠠᠭᠤ ᠴᠤ ᠱᠠᠭᠠᠷᠳᠠᠭᠰᠠᠨ ᠦᠭᠡᠢ᠃ 8 ᠲᠠ ᠡᠭᠦᠨ ᠢ ᠵᠠᠷᠤᠴᠠ ᠨᠠᠷ ᠠᠴᠠ ᠪᠠᠨ ᠯᠠᠪᠯᠠᠪᠠᠯ ᠲᠡᠳᠡ ᠬᠡᠯᠡᠵᠦ ᠥᠭᠭᠥᠨ᠎ᠡ᠃ ᠲᠡᠢᠮᠦ ᠡᠴᠡ ᠪᠠᠶᠠᠷ ᠤᠨ ᠡᠳᠦᠷ ᠢᠶᠡᠷ ᠲᠠᠨ ᠤ ᠳᠤ ᠢᠷᠡᠭᠰᠡᠨ ᠵᠠᠯᠠᠭᠤᠰ ᠢ ᠮᠢᠨᠢ ᠢᠪᠡᠭᠡᠵᠦ ᠥᠭᠭᠥᠨ᠎ᠡ ᠤᠤ︖ ᠮᠠᠨ ᠤ ᠬᠢᠨ ᠢ ᠥᠪᠡᠷ ᠦᠨ ᠢᠶᠠᠨ ᠵᠠᠷᠤᠴᠠ ᠰᠢᠭ᠋᠂ ᠳ᠋ᠠᠸᠢᠳ᠋ ᠨᠠᠮᠠᠶᠢ ᠥᠪᠡᠷ ᠦᠨ ᠢᠶᠠᠨ ᠬᠦᠦ ᠰᠢᠭ ᠦᠵᠡᠵᠦ ᠭᠠᠷ ᠲᠠᠭᠠᠨ ᠪᠠᠢᠭ᠎ᠠ ᠠᠴᠠ ᠪᠠᠨ ᠬᠠᠢᠷᠠᠯᠠᠨ᠎ᠠ ᠤᠤ︖〉 ᠭᠡᠵᠦ ᠬᠡᠯᠡ》 ᠭᠡᠪᠡ᠃
9 ᠡᠢᠨ ᠬᠦ ᠳ᠋ᠠᠸᠢᠳ᠋ ᠤᠨ ᠵᠠᠷᠤᠴᠠ ᠨᠠᠷ ᠲᠡᠨᠳᠡ ᠣᠴᠢᠵᠤ᠂ ᠡᠳᠡᠭᠡᠷ ᠪᠦᠬᠦ ᠦᠭᠡ ᠶᠢ ᠳ᠋ᠠᠸᠢᠳ᠋ ᠤᠨ ᠨᠡᠷ᠎ᠡ ᠶᠢᠨ ᠡᠮᠦᠨ᠎ᠡ ᠡᠴᠡ ᠨᠠᠪᠠᠯ ᠳᠤ ᠬᠡᠯᠡᠭᠡᠳ ᠬᠠᠷᠢᠭᠤ ᠬᠦᠯᠢᠶᠡᠪᠡ᠃ 10 ᠬᠠᠷᠢᠨ ᠨᠠᠪᠠᠯ ᠳ᠋ᠠᠸᠢᠳ᠋ ᠤᠨ ᠵᠠᠷᠤᠴᠠ ᠨᠠᠷ ᠲᠤ ᠬᠠᠷᠢᠭᠤᠯᠤᠨ᠄ 《ᠳ᠋ᠠᠸᠢᠳ᠋ ᠭᠡᠵᠦ ᠬᠡᠨ ᠶᠤᠮ ᠪᠤᠢ︖ ᠢᠱᠠᠢ ᠶᠢᠨ ᠬᠥᠪᠡᠭᠦᠨ ᠭᠡᠵᠦ ᠬᠡᠨ ᠶᠤᠮ ᠪᠤᠢ︖ ᠣᠢᠷ᠎ᠠ ᠳᠤ ᠡᠵᠡᠨ ᠡᠴᠡ ᠪᠡᠨ ᠤᠷᠭᠤᠭᠰᠠᠨ ᠵᠠᠷᠤᠴᠠ ᠨᠠᠷ ᠣᠯᠠᠨ ᠭᠡᠰᠡᠨ᠃ 11 ᠪᠢ ᠬᠣᠨᠢ ᠬᠠᠢᠴᠢᠯᠠᠭᠴᠢᠳ ᠲᠠᠭᠠᠨ ᠪᠠᠵᠠᠭᠠᠭᠰᠠᠨ ᠡᠨᠡ ᠮᠢᠬ᠎ᠠ᠂ ᠤᠰᠤ ᠪᠣᠯᠣᠨ ᠪᠣᠣᠪᠣ ᠪᠠᠨ ᠬᠠᠮᠢᠭᠠᠬᠢ ᠨᠢ ᠴᠤ ᠦᠯᠦ ᠮᠡᠳᠡᠭᠳᠡᠬᠦ ᠡᠲᠡᠭᠡᠳ ᠲᠦ ᠥᠭᠬᠦ ᠶᠣᠰᠣᠲᠠᠢ ᠪᠣᠯᠵᠤ ᠪᠠᠢᠨ᠎ᠠ ᠤᠤ︖》 ᠭᠡᠪᠡ᠃ 12 ᠳ᠋ᠠᠸᠢᠳ᠋ ᠤᠨ ᠵᠠᠯᠠᠭᠤᠰ ᠢᠷᠡᠭᠰᠡᠨ ᠵᠠᠮ ᠢᠶᠠᠷ ᠢᠶᠠᠨ ᠪᠤᠴᠠᠵᠤ ᠡᠳᠡᠭᠡᠷ ᠪᠦᠬᠦ ᠦᠭᠡ ᠶᠢ ᠳ᠋ᠠᠸᠢᠳ᠋ ᠲᠤ ᠳᠤᠭᠤᠯᠭᠠᠭᠰᠠᠨ ᠳᠤ᠂ 13 ᠳ᠋ᠠᠸᠢᠳ᠋ ᠬᠥᠮᠦᠰ ᠲᠡᠭᠡᠨ᠄ 《ᠬᠥᠮᠦᠨ ᠪᠦᠷᠢ ᠢᠯᠳᠦ ᠪᠡᠨ ᠠᠭᠰᠠᠭᠲᠤᠨ》 ᠭᠡᠵᠦ ᠬᠡᠯᠡᠪᠡ᠃ ᠲᠡᠭᠡᠭᠡᠳ ᠬᠥᠮᠦᠨ ᠪᠦᠷᠢ ᠢᠯᠳᠦ ᠪᠡᠨ ᠠᠭᠰᠠᠵᠤ᠂ ᠳ᠋ᠠᠸᠢᠳ᠋ ᠴᠤ ᠢᠯᠳᠦ ᠪᠡᠨ ᠠᠭᠰᠠᠭᠰᠠᠨ ᠤ ᠳᠠᠷᠠᠭ᠎ᠠ᠂ ᠳᠥᠷᠪᠡᠨ ᠵᠠᠭᠤᠭᠠᠳ ᠬᠥᠮᠦᠨ ᠳ᠋ᠠᠸᠢᠳ᠋ ᠢ ᠳᠠᠭᠠᠨ ᠶᠠᠪᠤᠵᠤ᠂ ᠬᠣᠶᠠᠷ ᠵᠠᠭᠤᠨ ᠬᠥᠮᠦᠨ ᠠᠴᠢᠶ᠎ᠠ ᠪᠠᠷᠠᠭ᠎ᠠ ᠪᠠᠨ ᠬᠠᠷᠠᠵᠤ ᠦᠯᠡᠳᠡᠪᠡ᠃
14 ᠲᠡᠭᠡᠵᠦ ᠪᠠᠢᠲᠠᠯ᠎ᠠ ᠨᠢᠭᠡᠨ ᠵᠠᠷᠤᠴᠠ ᠨᠢ ᠨᠠᠪᠠᠯ ᠤᠨ ᠡᠬᠡᠨᠡᠷ ᠠᠪᠢᠭᠠᠢᠯ ᠳᠤ᠄ 《ᠬᠠᠷ᠎ᠠ᠂ ᠳ᠋ᠠᠸᠢᠳ᠋ ᠴᠥᠯ ᠡᠴᠡ ᠡᠯᠴᠢᠳ ᠢᠶᠠᠨ ᠢᠯᠡᠭᠡᠵᠦ᠂ ᠮᠠᠨ ᠤ ᠡᠵᠡᠨ ᠳᠦ ᠮᠡᠨᠳᠦ ᠬᠦᠷᠭᠡᠭᠰᠡᠨ ᠰᠢᠦ ᠳᠠ᠂ ᠭᠡᠪᠡᠴᠦ ᠮᠠᠨ ᠤ ᠡᠵᠡᠨ ᠲᠡᠳᠡᠨ ᠢ ᠵᠠᠩᠳᠤᠷᠴᠤ ᠶᠠᠪᠤᠭᠤᠯᠤᠭᠰᠠᠨ︕ 15 ᠭᠡᠪᠡᠴᠦ ᠲᠡᠷᠡ ᠬᠥᠮᠦᠰ ᠮᠠᠨ ᠤ ᠬᠢᠨ ᠳᠤ ᠲᠤᠩ ᠰᠠᠢᠨ ᠬᠠᠨᠳᠤᠵᠤ ᠪᠠᠢᠯ᠎ᠠ᠃ ᠮᠠᠨ ᠤ ᠬᠢᠨ ᠲᠡᠳᠡᠨ ᠲᠡᠢ ᠬᠠᠮᠲᠤ ᠬᠡᠭᠡᠷ᠎ᠡ ᠲᠠᠯ᠎ᠠ ᠳᠤ ᠪᠠᠢᠬᠤ ᠳᠤ᠂ ᠲᠡᠳᠡ ᠮᠠᠨ ᠤ ᠬᠢᠨ ᠳᠤ ᠶᠠᠷᠰᠢᠭ ᠠᠪᠴᠢᠷᠠᠭ᠎ᠠ ᠦᠭᠡᠢ᠂ ᠪᠢᠳᠡ ᠶᠠᠮᠠᠷ ᠴᠤ ᠬᠣᠬᠢᠷᠠᠯ ᠠᠮᠰᠠᠭ᠎ᠠ ᠦᠭᠡᠢ ᠶᠤᠮ᠃ 16 ᠲᠡᠳᠡ ᠮᠠᠨ ᠤ ᠬᠢᠨ ᠢ ᠡᠳᠦᠷ ᠰᠥᠨᠢ ᠦᠭᠡᠢ ᠬᠠᠮᠠᠭᠠᠯᠠᠵᠤ᠂ ᠬᠣᠨᠢ ᠬᠠᠷᠢᠭᠤᠯᠵᠤ ᠪᠠᠢᠬᠤ ᠪᠦᠬᠦ ᠡᠳᠦᠷ ᠤᠳ ᠲᠤ ᠮᠠᠨᠢ ᠬᠠᠨ᠎ᠠ ᠴᠠᠢᠵᠠ ᠪᠣᠯᠵᠤ ᠪᠠᠢᠭᠰᠠᠨ᠃ 17 ᠲᠡᠢᠮᠦ ᠡᠴᠡ ᠣᠳᠣ ᠲᠠ ᠶᠠᠭᠠᠬᠢᠪᠠᠯ ᠵᠣᠬᠢᠬᠤ ᠶᠢ ᠪᠣᠳᠣᠵᠤ ᠰᠢᠢᠳᠦᠭᠡᠷᠡᠢ᠃ ᠮᠠᠨ ᠤ ᠡᠵᠡᠨ ᠪᠣᠯᠣᠨ ᠡᠨᠡ ᠪᠦᠬᠦ ᠭᠡᠷ ᠪᠦᠯᠢ ᠶᠢᠨ ᠬᠢᠨ ᠢ ᠭᠠᠷᠴᠠᠭ᠎ᠠ ᠦᠭᠡᠢ ᠭᠠᠢ ᠳᠠᠭᠠᠷᠢᠬᠤ ᠪᠣᠯᠣᠯ᠎ᠠ᠂ ᠡᠵᠡᠨᠲᠡᠨ ᠬᠡᠳᠡᠷ ᠬᠥᠮᠦᠨ ᠪᠣᠯᠬᠣᠷ ᠬᠡᠨ ᠴᠤ ᠲᠡᠭᠦᠨ ᠲᠡᠢ ᠶᠠᠷᠢᠵᠤ ᠴᠢᠳᠠᠬᠤ ᠦᠭᠡᠢ ᠰᠢᠦ》 ᠭᠡᠵᠦ ᠬᠡᠯᠡᠪᠡ᠃
18 ᠠᠪᠢᠭᠠᠢᠯ ᠶᠠᠭᠠᠷᠠᠨ ᠬᠥᠳᠡᠯᠪᠡ᠃ ᠲᠡᠷᠡ ᠬᠣᠶᠠᠷ ᠵᠠᠭᠤᠨ ᠪᠣᠣᠪᠣ᠂ ᠬᠣᠶᠠᠷ ᠲᠤᠯᠤᠮ ᠳᠠᠷᠠᠰᠤ᠂ ᠲᠥᠬᠥᠭᠡᠷᠴᠦ ᠪᠡᠯᠡᠳᠬᠡᠭᠰᠡᠨ ᠲᠠᠪᠤᠨ ᠬᠣᠨᠢ᠂ ᠲᠠᠪᠤᠨ ᠬᠡᠮᠵᠢᠭᠦᠷ 20 ᠬᠠᠭᠤᠷᠤᠭᠰᠠᠨ ᠲᠠᠷᠢᠶᠠᠨ ᠲᠦᠷᠦᠭᠦᠦ᠂ ᠵᠠᠭᠤᠨ ᠪᠠᠭᠴᠠ ᠬᠠᠲᠠᠭᠠᠭᠰᠠᠨ ᠦᠵᠦᠮ᠂ ᠬᠣᠶᠠᠷ ᠵᠠᠭᠤᠨ ᠪᠠᠭᠴᠠ ᠢᠨᠵᠢᠷ ᠲᠠᠢ ᠪᠣᠣᠪᠣ ᠠᠪᠴᠤ᠂ ᠡᠯᠵᠢᠭᠡ ᠨᠦᠭᠦᠳ ᠲᠦ ᠠᠴᠢᠪᠠ᠃ 19 ᠲᠡᠷᠡ ᠵᠠᠷᠤᠴᠠ ᠨᠠᠷ ᠲᠠᠭᠠᠨ᠄ 《ᠮᠢᠨᠦ ᠡᠮᠦᠨ᠎ᠡ ᠶᠠᠪᠤ᠃ ᠪᠢ ᠲᠠ ᠨᠠᠷ ᠢ ᠳᠠᠭᠠᠶ᠎ᠠ》 ᠭᠡᠪᠡ᠃ ᠭᠡᠪᠡᠴᠦ ᠲᠡᠷᠡ ᠥᠪᠡᠷ ᠦᠨ ᠢᠶᠠᠨ ᠨᠥᠬᠥᠷ ᠨᠠᠪᠠᠯ ᠳᠤ ᠶᠠᠭᠤ ᠴᠤ ᠳᠤᠭᠤᠯᠭᠠᠭᠰᠠᠨ ᠦᠭᠡᠢ᠃ 20 ᠲᠡᠷᠡ ᠡᠯᠵᠢᠭᠡ ᠪᠡᠨ ᠤᠨᠤᠵᠤ᠂ ᠠᠭᠤᠯᠠ ᠶᠢᠨ ᠬᠥᠲᠥᠯ ᠢᠶᠡᠷ ᠪᠠᠭᠤᠨ ᠶᠠᠪᠤᠵᠤ ᠪᠠᠢᠲᠠᠯ᠎ᠠ ᠨᠠᠰᠢ ᠪᠠᠭᠤᠨ ᠢᠷᠡᠵᠦ ᠪᠠᠢᠭ᠎ᠠ ᠳ᠋ᠠᠸᠢᠳ᠋ ᠪᠣᠯᠣᠨ ᠲᠡᠭᠦᠨ ᠦ ᠬᠥᠮᠦᠰ ᠲᠡᠢ ᠲᠠᠭᠠᠷᠠᠯᠳᠤᠯ᠎ᠠ᠃ 21 ᠳ᠋ᠠᠸᠢᠳ᠋᠄ 《ᠴᠥᠯ ᠳᠤ ᠪᠠᠢᠬᠤ ᠳᠠᠭᠠᠨ ᠡᠨᠡ ᠬᠥᠮᠦᠨ ᠦ ᠬᠠᠮᠤᠭ ᠰᠦᠷᠦᠭ ᠢ ᠬᠠᠮᠠᠭᠠᠯᠠᠵᠤ ᠪᠠᠢᠭᠰᠠᠨ ᠮᠠᠨᠢ ᠱᠠᠯ ᠳᠡᠮᠡᠢ ᠪᠠᠢᠵᠠᠢ᠃ ᠲᠡᠷᠡ ᠪᠢᠳᠡᠨ ᠦ ᠠᠴᠢ ᠪᠠᠷ ᠶᠠᠮᠠᠷ ᠴᠤ ᠬᠣᠬᠢᠷᠠᠯ ᠠᠮᠰᠠᠭ᠎ᠠ ᠦᠭᠡᠢ ᠠᠲᠠᠯ᠎ᠠ ᠪᠠᠨ ᠨᠠᠳᠠ ᠳᠤ ᠠᠴᠢ ᠶᠢ ᠪᠠᠴᠢ ᠪᠠᠷ ᠬᠠᠷᠢᠭᠤᠯᠤᠨ᠎ᠠ ᠭᠡᠵᠢ︕ 22 ᠬᠡᠷᠪᠡ ᠮᠠᠷᠭᠠᠰᠢ ᠥᠷᠯᠥᠭᠡ ᠪᠣᠯᠲᠠᠯ᠎ᠠ ᠲᠡᠭᠦᠨ ᠦ ᠬᠥᠮᠦᠰ ᠦᠨ ᠳᠣᠲᠣᠷ᠎ᠠ ᠠᠴᠠ ᠭᠠᠭᠴᠠᠬᠠᠨ ᠡᠷ᠎ᠡ ᠬᠦᠢᠰᠦᠲᠡᠨ ᠢ ᠦᠯᠡᠳᠡᠭᠡᠪᠡᠯ ᠪᠤᠷᠬᠠᠨ ᠳ᠋ᠠᠸᠢᠳ᠋ ᠢ ᠬᠠᠲᠠᠭᠤ ᠰᠢᠳᠬᠡᠬᠦ ᠪᠣᠯᠲᠤᠭᠠᠢ》 ᠭᠡᠵᠦ ᠪᠣᠳᠣᠵᠤ ᠪᠠᠢᠭᠰᠠᠨ ᠠᠵᠢ᠃
23 ᠠᠪᠢᠭᠠᠢᠯ ᠳ᠋ᠠᠸᠢᠳ᠋ ᠢ ᠬᠠᠷᠠᠩ᠋ᠭᠤᠲᠠ ᠪᠠᠨ ᠶᠠᠭᠠᠷᠠᠨ ᠡᠯᠵᠢᠭᠡᠨ ᠡᠴᠡ ᠪᠡᠨ ᠪᠠᠭᠤᠵᠤ᠂ ᠳ᠋ᠠᠸᠢᠳ᠋ ᠤᠨ ᠡᠮᠦᠨ᠎ᠡ ᠨᠢᠭᠤᠷ ᠢᠶᠠᠨ ᠭᠠᠵᠠᠷ ᠲᠤ ᠬᠦᠷᠭᠡᠨ ᠪᠥᠬᠥᠢᠪᠡ᠃ 24 ᠲᠡᠷᠡ ᠡᠮᠡᠭᠲᠡᠢ ᠳ᠋ᠠᠸᠢᠳ᠋ ᠤᠨ ᠬᠥᠯ ᠳᠤ ᠰᠥᠬᠥᠷᠡᠨ᠄ 《ᠡᠵᠡᠨᠲᠡᠨ ᠮᠢᠨᠢ᠂ ᠮᠢᠨᠦ ᠯᠠ ᠪᠤᠷᠤᠭᠤ᠃ ᠲᠠ ᠰᠢᠪᠡᠭᠴᠢᠨ ᠢᠶᠠᠨ ᠶᠠᠷᠢᠭᠤᠯᠵᠤ᠂ ᠰᠢᠪᠡᠭᠴᠢᠨ ᠤ ᠪᠠᠨ ᠥᠴᠢᠭ ᠢ ᠰᠣᠨᠣᠰᠣᠨ᠎ᠠ ᠤᠤ︖ 25 ᠡᠵᠡᠨᠲᠡᠨ ᠮᠢᠨᠢ᠂ ᠮᠠᠨ ᠤ ᠬᠡᠳᠡᠷ ᠨᠥᠬᠥᠷ ᠨᠠᠪᠠᠯ ᠢ ᠪᠢᠲᠡᠭᠡᠢ ᠣᠢᠰᠢᠶᠠᠭᠠᠷᠠᠢ᠃ ᠲᠡᠷᠡ ᠴᠢᠨᠢ ᠨᠡᠷ᠎ᠡ ᠲᠠᠢ ᠪᠠᠨ ᠠᠳᠠᠯᠢᠬᠠᠨ ᠬᠥᠮᠦᠨ ᠰᠢᠦ ᠳᠠ᠃ ᠲᠡᠭᠦᠨ ᠦ ᠨᠡᠷ᠎ᠡ ᠶᠢ ᠮᠤᠩ᠋ᠬᠠᠭ ᠭᠡᠳᠡᠭ ᠪᠥᠭᠡᠳ ᠲᠡᠷᠡ ᠨᠡᠭᠡᠷᠡᠨ ᠮᠤᠩ᠋ᠬᠠᠭ ᠶᠤᠮ᠃ ᠬᠠᠷᠢᠨ ᠲᠠᠨ ᠤ ᠰᠢᠪᠡᠭᠴᠢᠨ ᠪᠢ ᠡᠵᠡᠨᠲᠡᠨ ᠦ ᠶᠠᠪᠤᠭᠤᠯᠤᠭᠰᠠᠨ ᠵᠠᠯᠠᠭᠤᠰ ᠢ ᠣᠯᠵᠤ ᠦᠵᠡᠭᠰᠡᠨ ᠦᠭᠡᠢ᠃
26 ᠣᠳᠣ ᠡᠵᠡᠨᠲᠡᠨ ᠮᠢᠨᠢ᠂ ᠶᠣᠬᠣᠸᠠ ᠥᠪᠡᠷ ᠢᠶᠡᠨ ᠲᠠᠨ ᠤ ᠴᠢᠰᠤ ᠤᠷᠤᠰᠬᠠᠬᠤ ᠪᠠᠷ ᠶᠠᠪᠤᠬᠤ ᠶᠢ ᠵᠣᠭᠰᠣᠭᠠᠵᠤ᠂ ᠲᠠᠨ ᠤ ᠭᠠᠷ ᠢᠶᠠᠷ ᠥᠰᠢᠶ᠎ᠡ ᠠᠪᠬᠤ ᠶᠢ ᠪᠣᠯᠢᠭᠤᠯᠤᠭᠰᠠᠨ ᠤᠴᠢᠷ ᠠᠴᠠ ᠶᠣᠬᠣᠸᠠ ᠶᠢᠨ ᠠᠮᠢᠳᠤ ᠯᠤᠭ᠎ᠠ ᠪᠣᠯᠣᠨ ᠲᠠᠨ ᠤ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠡᠵᠡᠨᠲᠡᠨ ᠳᠦ ᠮᠢᠨᠢ ᠬᠥᠨᠥᠭᠡᠯ ᠤᠴᠠᠷᠠᠭᠤᠯᠬᠤ ᠶᠢ ᠬᠦᠰᠡᠭᠴᠢᠳ ᠪᠣᠯᠣᠨ ᠳᠠᠢᠰᠤᠨ ᠨᠤᠭᠤᠳ ᠢ ᠲᠠᠨᠢ ᠨᠠᠪᠠᠯ ᠲᠠᠢ ᠠᠳᠠᠯᠢ ᠪᠣᠯᠭᠠᠬᠤ ᠪᠣᠯᠲᠤᠭᠠᠢ᠃ 27 ᠡᠨᠡ ᠪᠣᠯ ᠰᠢᠪᠡᠭᠴᠢᠨ ᠤ ᠴᠢᠨᠢ ᠡᠵᠡᠨᠲᠡᠨ ᠲᠠᠨ ᠳᠠᠭᠠᠨ ᠠᠪᠴᠢᠷᠠᠭᠰᠠᠨ ᠪᠡᠯᠡᠭ ᠶᠤᠮ᠂ ᠡᠵᠡᠨᠲᠡᠨ ᠮᠢᠨᠢ ᠳᠠᠭᠠᠯᠳᠤᠭᠴᠢᠳ ᠲᠠᠭᠠᠨ ᠥᠭᠭᠥᠭᠡᠷᠡᠢ᠃ 28 ᠲᠠ ᠰᠢᠪᠡᠭᠴᠢᠨ ᠤ ᠪᠠᠨ ᠠᠶᠤᠮᠰᠢᠭ ᠦᠭᠡᠢ ᠠᠢᠯᠠᠳᠬᠠᠯ ᠢ ᠥᠷᠥᠰᠢᠶᠡᠨ ᠰᠣᠶᠣᠷᠬᠠᠭᠠᠴᠢ᠃ ᠡᠵᠡᠨᠲᠡᠨ ᠮᠢᠨᠢ ᠲᠠ ᠶᠣᠬᠣᠸᠠ ᠶᠢᠨ ᠳᠠᠢᠨ ᠢ ᠬᠢᠵᠦ ᠪᠠᠢᠭ᠎ᠠ ᠲᠤᠯᠠ ᠶᠣᠬᠣᠸᠠ ᠲᠠᠨ ᠳᠤ ᠪᠠᠲᠤ ᠲᠥᠷᠥ ᠶᠢ ᠪᠠᠢᠭᠤᠯᠵᠤ ᠥᠭᠬᠦ ᠪᠣᠯᠣᠨ᠎ᠠ᠃ ᠲᠠᠨ ᠤ ᠠᠮᠢᠳᠤᠷᠠᠯ ᠳᠤ ᠭᠡᠮ ᠵᠢᠮ ᠪᠠᠢᠬᠤ ᠦᠭᠡᠢ ᠪᠠᠢᠬᠤ ᠶᠣᠰᠣᠲᠠᠢ᠃ 29 ᠲᠡᠭᠡᠪᠡᠯ ᠬᠡᠨ ᠨᠢᠭᠡᠨ ᠨᠢ ᠪᠣᠰᠴᠤ᠂ ᠲᠠᠨ ᠤ ᠠᠮᠢ ᠶᠢ ᠠᠪᠬᠤ ᠪᠠᠷ ᠮᠥᠰᠬᠢᠨ ᠬᠥᠭᠡᠭᠡᠭᠰᠡᠨ ᠴᠤ᠂ ᠲᠠᠨ ᠤ ᠪᠤᠷᠬᠠᠨ ᠶᠣᠬᠣᠸᠠ ᠡᠵᠡᠨᠲᠡᠨ ᠦ ᠮᠢᠨᠢ ᠠᠮᠢ ᠶᠢ ᠠᠮᠢ ᠶᠢᠨ ᠪᠠᠭᠯᠠᠭᠠᠨ ᠳᠤ ᠪᠠᠭᠯᠠᠨ᠎ᠠ᠂ ᠬᠠᠷᠢᠨ ᠲᠠᠨ ᠤ ᠳᠠᠢᠰᠤᠨ ᠨᠤᠭᠤᠳ ᠤᠨ ᠠᠮᠢ ᠶᠢ ᠳᠦᠦᠭᠡᠦᠷ ᠲᠦ ᠬᠢᠵᠦ ᠳᠦᠦᠭᠡᠦᠷᠳᠡᠨ ᠬᠠᠶᠠᠬᠤ ᠪᠣᠯᠣᠨ᠎ᠠ᠃ 30 ᠶᠣᠬᠣᠸᠠ ᠲᠠᠨ ᠳᠤ ᠠᠮᠠᠯᠠᠭᠰᠠᠨ ᠠᠯᠢᠪᠠ ᠰᠠᠢᠨ ᠰᠠᠢᠬᠠᠨ ᠢᠶᠠᠨ ᠡᠵᠡᠨᠲᠡᠨ ᠳᠦ ᠮᠢᠨᠢ ᠪᠡᠶᠡᠯᠡᠭᠦᠯᠵᠦ᠂ ᠲᠠᠨ ᠢ ᠢᠰᠷᠧᠯ ᠤᠨ ᠤᠳᠤᠷᠢᠳᠤᠭᠴᠢ ᠪᠠᠷ ᠲᠣᠮᠢᠯᠠᠬᠤ ᠴᠠᠭ ᠲᠤ 31 ᠡᠵᠡᠨᠲᠡᠨ ᠮᠢᠨᠢ ᠰᠢᠯᠲᠠᠭᠠᠨ ᠦᠭᠡᠢ ᠪᠠᠷ ᠴᠢᠰᠤ ᠤᠷᠤᠰᠬᠠᠵᠤ᠂ ᠥᠪᠡᠷ ᠦᠨ ᠢᠶᠠᠨ ᠭᠠᠷ ᠢᠶᠠᠷ ᠥᠰᠢᠶ᠎ᠡ ᠠᠪᠤᠭᠰᠠᠨ ᠢᠶᠠᠷ ᠢᠶᠠᠨ ᠵᠢᠷᠦᠬᠡᠨ ᠳᠡᠭᠡᠨ ᠶᠠᠮᠠᠷ ᠨᠢᠭᠡᠨ ᠡᠪ ᠦᠭᠡᠶᠢᠷᠡᠯ ᠪᠤᠶᠤ ᠵᠠᠩᠭᠢᠷᠠᠭ᠎ᠠ ᠪᠠᠢᠯᠭᠠᠬᠤ ᠦᠭᠡᠢ ᠪᠠᠢᠬᠤ ᠪᠣᠯᠲᠤᠭᠠᠢ᠃ ᠶᠣᠬᠣᠸᠠ ᠡᠵᠡᠨᠲᠡᠨ ᠳᠦ ᠮᠢᠨᠢ ᠰᠠᠢᠨ ᠰᠠᠢᠬᠠᠨ ᠢ ᠪᠡᠶᠡᠯᠡᠭᠦᠯᠬᠦ ᠳᠦ᠂ ᠲᠠ ᠰᠢᠪᠡᠭᠴᠢᠨ ᠨᠠᠮᠠᠶᠢ ᠰᠠᠨᠠᠭᠠᠷᠠᠢ》 ᠭᠡᠵᠦ ᠬᠡᠯᠡᠪᠡ᠃
32 ᠳ᠋ᠠᠸᠢᠳ᠋ ᠠᠪᠢᠭᠠᠢᠯ ᠳᠤ᠄ 《ᠥᠨᠥᠳᠥᠷ ᠲᠠᠨ ᠢ ᠶᠠᠪᠤᠭᠤᠯᠵᠤ ᠨᠠᠳᠠ ᠲᠠᠢ ᠠᠭᠤᠯᠵᠠᠭᠤᠯᠤᠭᠰᠠᠨ ᠢᠰᠷᠧᠯ ᠤᠨ ᠪᠤᠷᠬᠠᠨ ᠶᠣᠬᠣᠸᠠ ᠮᠠᠭᠲᠠᠭᠳᠠᠬᠤ ᠪᠣᠯᠲᠤᠭᠠᠢ᠃ 33 ᠮᠥᠨ ᠲᠠᠨ ᠤ ᠰᠢᠢᠳᠪᠦᠷᠢ ᠮᠠᠭᠲᠠᠭᠳᠠᠬᠤ ᠪᠣᠯᠲᠤᠭᠠᠢ᠃ ᠥᠨᠥᠳᠥᠷ ᠨᠠᠮᠠᠶᠢ ᠴᠢᠰᠤ ᠤᠷᠤᠰᠬᠠᠬᠤ ᠠᠴᠠ᠂ ᠮᠥᠨ ᠥᠪᠡᠷ ᠦᠨ ᠢᠶᠠᠨ ᠭᠠᠷ ᠢᠶᠠᠷ ᠥᠰᠢᠶ᠎ᠡ ᠠᠪᠬᠤ ᠠᠴᠠ ᠬᠠᠮᠠᠭᠠᠯᠠᠭᠰᠠᠨ ᠲᠠ ᠮᠠᠭᠲᠠᠭᠳᠠᠬᠤ ᠪᠣᠯᠲᠤᠭᠠᠢ᠃ 34 ᠨᠠᠮᠠᠶᠢ ᠲᠠᠨ ᠳᠤ ᠬᠣᠬᠢᠷᠠᠯ ᠤᠴᠠᠷᠠᠭᠤᠯᠬᠤ ᠠᠴᠠ ᠬᠠᠮᠠᠭᠠᠯᠠᠭᠰᠠᠨ ᠢᠰᠷᠧᠯ ᠤᠨ ᠪᠤᠷᠬᠠᠨ ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠬᠡᠷᠪᠡ ᠲᠠ ᠨᠠᠳᠠ ᠲᠠᠢ ᠠᠭᠤᠯᠵᠠᠬᠤ ᠪᠠᠷ ᠶᠠᠭᠠᠷᠠᠨ ᠢᠷᠡᠭᠡ ᠦᠭᠡᠢ ᠪᠣᠯ ᠦᠷ ᠴᠠᠢᠬᠤ ᠪᠣᠯᠲᠠᠯ᠎ᠠ ᠨᠠᠪᠠᠯ ᠤᠨ ᠳᠤ ᠭᠠᠭᠴᠠ ᠴᠤ ᠡᠷ᠎ᠡ ᠬᠦᠢᠰᠦᠲᠡᠨ ᠦᠯᠡᠳᠡᠬᠦ ᠦᠭᠡᠢ ᠪᠠᠢᠬᠤ ᠪᠠᠢᠭᠰᠠᠨ》 ᠭᠡᠵᠦ ᠬᠡᠯᠡᠪᠡ᠃ 35 ᠡᠢᠨ ᠬᠦ ᠳ᠋ᠠᠸᠢᠳ᠋ ᠠᠪᠢᠭᠠᠢᠯ ᠤᠨ ᠭᠠᠷ ᠠᠴᠠ ᠲᠡᠭᠦᠨ ᠦ ᠠᠪᠴᠢᠷᠠᠭᠰᠠᠨ ᠶᠠᠭᠤᠮ᠎ᠠ ᠶᠢ ᠬᠦᠯᠢᠶᠡᠨ ᠠᠪᠴᠤ᠂ ᠲᠡᠷᠡ ᠡᠮᠡᠭᠲᠡᠢ ᠳᠦ᠄ 《ᠭᠡᠷ ᠲᠡᠭᠡᠨ ᠠᠮᠤᠷ ᠲᠠᠢᠪᠤᠩ ᠪᠤᠴᠠᠭᠲᠤᠨ᠃ ᠪᠢ ᠴᠢᠨᠦ ᠦᠭᠡᠨ ᠳᠦ ᠣᠷᠣᠵᠤ᠂ ᠴᠢᠨᠦ ᠭᠤᠶᠤᠯᠲᠠ ᠶᠢ ᠵᠥᠪᠰᠢᠶᠡᠷᠡᠶᠡ》 ᠭᠡᠵᠦ ᠬᠡᠯᠡᠪᠡ᠃
36 ᠬᠠᠷ᠎ᠠ᠂ ᠠᠪᠢᠭᠠᠢᠯ ᠨᠠᠪᠠᠯ ᠤᠷᠤᠭᠤ ᠪᠤᠴᠠᠵᠤ ᠢᠷᠡᠭᠡᠳ ᠦᠵᠡᠬᠦ ᠳᠦ᠂ ᠨᠠᠪᠠᠯ ᠭᠡᠷ ᠲᠡᠭᠡᠨ ᠬᠠᠭᠠᠨ ᠤ ᠨᠠᠢᠷ ᠰᠢᠭ᠋ ᠨᠠᠢᠷ ᠬᠢᠵᠦ ᠪᠠᠢᠪᠠ︕ ᠬᠥᠯᠴᠥᠭᠦᠷᠡᠲᠡᠯᠡ ᠠᠷᠢᠬᠢᠳᠠᠭᠰᠠᠨ ᠨᠠᠪᠠᠯ ᠤᠨ ᠰᠡᠳᠬᠢᠯ ᠬᠥᠭᠰᠡᠨ ᠬᠥᠭᠡᠷᠦᠭᠰᠡᠨ ᠪᠣᠯᠬᠣᠷ ᠠᠪᠢᠭᠠᠢᠯ ᠦᠷ ᠴᠠᠢᠲᠠᠯ᠎ᠠ ᠲᠡᠭᠦᠨ ᠳᠦ ᠶᠠᠭᠤ ᠴᠤ ᠶᠠᠷᠢᠭᠰᠠᠨ ᠦᠭᠡᠢ᠃ 37 ᠥᠷᠯᠥᠭᠡ ᠪᠣᠯᠵᠤ ᠨᠠᠪᠠᠯ ᠤᠨ ᠠᠷᠢᠬᠢ ᠰᠡᠷᠭᠦᠬᠦ ᠳᠦ᠂ ᠡᠬᠡᠨᠡᠷ ᠨᠢ ᠲᠡᠭᠦᠨ ᠳᠦ ᠪᠦᠭᠦᠳᠡ ᠶᠢ ᠮᠡᠳᠡᠭᠳᠡᠵᠡᠢ᠃ ᠲᠡᠭᠦᠨ ᠦ ᠵᠢᠷᠦᠬᠡ ᠨᠢ ᠦᠬᠦᠵᠦ᠂ ᠪᠡᠶ᠎ᠡ ᠨᠢ ᠴᠢᠯᠠᠭᠤ ᠮᠡᠲᠦ ᠪᠣᠯᠪᠠ᠃ 38 ᠠᠷᠪᠠᠭᠠᠳ ᠬᠣᠨᠣᠭ ᠤᠨ ᠳᠠᠷᠠᠭ᠎ᠠ᠂ ᠶᠣᠬᠣᠸᠠ ᠨᠠᠪᠠᠯ ᠢ ᠴᠣᠬᠢᠭᠰᠠᠨ ᠳᠤ᠂ ᠲᠡᠷᠡ ᠦᠬᠦᠵᠡᠢ᠃
39 ᠳ᠋ᠠᠸᠢᠳ᠋ ᠨᠠᠪᠠᠯ ᠤᠨ ᠦᠬᠦᠭᠰᠡᠨ ᠢ ᠰᠣᠨᠣᠰᠣᠭᠠᠳ᠄ 《ᠨᠠᠪᠠᠯ ᠤᠨ ᠭᠠᠷ ᠲᠤ ᠳᠣᠷᠣᠮᠵᠢᠯᠠᠭᠳᠠᠭᠰᠠᠨ ᠮᠢᠨᠦ ᠥᠰᠢᠶ᠎ᠡ ᠶᠢ ᠠᠪᠴᠤ᠂ ᠥᠪᠡᠷ ᠦᠨ ᠢᠶᠠᠨ ᠪᠣᠭᠣᠯ ᠢ ᠬᠣᠷᠣᠨ ᠮᠠᠭᠤ ᠶᠢ ᠦᠢᠯᠡᠳᠬᠦ ᠡᠴᠡ ᠨᠢ ᠬᠠᠮᠠᠭᠠᠯᠠᠭᠰᠠᠨ ᠶᠣᠬᠣᠸᠠ ᠮᠠᠭᠲᠠᠭᠳᠠᠬᠤ ᠪᠣᠯᠲᠤᠭᠠᠢ᠃ ᠶᠣᠬᠣᠸᠠ ᠨᠠᠪᠠᠯ ᠤᠨ ᠬᠣᠷᠣᠨ ᠮᠠᠭᠤ ᠶᠢ ᠲᠣᠯᠣᠭᠠᠢ ᠳᠤᠨᠢ ᠬᠠᠷᠢᠭᠤᠯᠪᠠ》 ᠭᠡᠵᠦ ᠬᠡᠯᠡᠪᠡ᠃ ᠲᠡᠭᠡᠭᠡᠳ ᠳ᠋ᠠᠸᠢᠳ᠋ ᠬᠥᠮᠦᠨ ᠶᠠᠪᠤᠭᠤᠯᠵᠤ᠂ ᠠᠪᠢᠭᠠᠢᠯ ᠢ ᠡᠬᠡᠨᠡᠷ ᠢᠶᠡᠨ ᠪᠣᠯᠭᠠᠬᠤ ᠭᠡᠵᠦ ᠪᠠᠢᠭ᠎ᠠ ᠪᠠᠨ ᠬᠡᠯᠡᠭᠦᠯᠪᠡ᠃ 40 ᠳ᠋ᠠᠸᠢᠳ᠋ ᠤᠨ ᠵᠠᠷᠤᠴᠠ ᠨᠠᠷ ᠺᠠᠷᠮᠧᠯ ᠳᠠᠬᠢ ᠠᠪᠢᠭᠠᠢᠯ ᠤᠷᠤᠭᠤ ᠢᠷᠡᠵᠦ᠂ ᠲᠡᠭᠦᠨ ᠳᠦ᠄ 《ᠳ᠋ᠠᠸᠢᠳ᠋ ᠪᠢᠳᠡᠨ ᠢ ᠢᠯᠡᠭᠡᠭᠰᠡᠨ᠂ ᠲᠡᠷᠡ ᠲᠠᠨ ᠢ ᠡᠬᠡᠨᠡᠷ ᠢᠶᠡᠨ ᠪᠣᠯᠭᠠᠨ ᠠᠪᠬᠤ ᠭᠡᠰᠡᠨ ᠶᠤᠮ》 ᠭᠡᠰᠡᠨ ᠳᠦ᠂ 41 ᠲᠡᠷᠡ ᠡᠮᠡᠭᠲᠡᠢ ᠪᠣᠰᠴᠤ᠂ ᠨᠢᠭᠤᠷ ᠢᠶᠠᠨ ᠭᠠᠵᠠᠷ ᠲᠤ ᠬᠦᠷᠭᠡᠨ ᠮᠡᠬᠦᠢᠵᠦ᠄ 《ᠬᠠᠷ᠎ᠠ᠂ ᠰᠢᠪᠡᠭᠴᠢᠨ ᠲᠠᠨᠢ ᠡ᠊ᠨᠳᠡ ᠪᠠᠢᠨ᠎ᠠ︕ ᠪᠢ ᠡᠵᠡᠨᠲᠡᠨ ᠦ ᠪᠠᠨ ᠵᠠᠷᠤᠴᠠ ᠨᠠᠷ ᠤᠨ ᠬᠥᠯ ᠢ ᠨᠢ ᠴᠤ ᠤᠬᠢᠶᠠᠵᠤ ᠪᠣᠯᠣᠨ᠎ᠠ》 ᠭᠡᠵᠦ ᠬᠡᠯᠡᠪᠡ᠃ 42 ᠠᠪᠢᠭᠠᠢᠯ ᠶᠠᠭᠠᠷᠠᠨ ᠪᠣᠰᠴᠤ᠂ ᠡᠯᠵᠢᠭᠡᠨ ᠳᠡᠭᠡᠨ ᠮᠣᠷᠳᠠᠭᠠᠳ ᠲᠠᠪᠤᠨ ᠰᠢᠪᠡᠭᠴᠢᠨ ᠢᠶᠠᠨ ᠳᠠᠭᠠᠭᠤᠯᠤᠨ ᠳ᠋ᠠᠸᠢᠳ᠋ ᠤᠨ ᠡᠯᠴᠢᠳ ᠤᠨ ᠠᠷᠤ ᠠᠴᠠ ᠶᠠᠪᠤᠵᠤ᠂ ᠳ᠋ᠠᠸᠢᠳ᠋ ᠤᠨ ᠡᠬᠡᠨᠡᠷ ᠪᠣᠯᠵᠠᠢ᠃
43 ᠳ᠋ᠠᠸᠢᠳ᠋ ᠮᠥᠨ ᠶᠧᠽᠷᠧᠯ ᠤᠨ ᠠᠾᠢᠨᠣᠶᠠᠮ ᠢ ᠠᠪᠤᠭᠠᠳ ᠪᠠᠢᠭᠰᠠᠨ ᠲᠤᠯᠠ ᠲᠡᠷᠡ ᠬᠣᠶᠠᠷ ᠡᠬᠡᠨᠡᠷ ᠲᠡᠢ ᠪᠣᠯᠪᠠ᠃ 44 ᠲᠡᠷᠡ ᠬᠣᠭᠣᠷᠣᠨᠳᠣ ᠰᠠᠦ᠋ᠯ ᠳ᠋ᠠᠸᠢᠳ᠋ ᠤᠨ ᠡᠬᠡᠨᠡᠷ ᠪᠠᠢᠭᠰᠠᠨ ᠥᠬᠢᠨ ᠮᠢᠺᠠᠯ ᠢᠶᠠᠨ ᠭᠠᠯᠢᠮ ᠠᠴᠠ ᠭᠠᠷᠤᠯ ᠲᠠᠢ ᠯᠠᠢᠱ ᠤᠨ ᠬᠥᠪᠡᠭᠦᠨ ᠫᠠᠯᠲ᠋ᠢᠶᠧᠯ ᠳᠤ ᠥᠭᠴᠡᠢ᠃