1 2 3 4 5 6 7 8 9 10 11 12 13 14 15 16 17 18 19 20 21 22 23 24 25 26 27 28 29 30 31


ᠨᠢᠭᠡᠳᠦᠭᠡᠷ ᠰᠠᠮᠦ᠋ᠶᠧᠯ ᠬᠣᠷᠢᠨ ᠵᠢᠷᠭᠤᠭ᠎ᠠ
 ᠳ᠋ᠠᠸᠢᠳ᠋ ᠰᠠᠦ᠋ᠯ ᠢ ᠳᠠᠬᠢᠨᠲᠠ ᠬᠡᠯᠲᠦᠷᠢᠭᠦᠯᠪᠡ

1 ᠽᠢᠹᠴᠦᠳ ᠭᠢᠪᠧᠶ᠎ᠠ ᠳᠤ ᠪᠠᠢᠭ᠎ᠠ ᠰᠠᠦ᠋ᠯ ᠤᠷᠤᠭᠤ ᠢᠷᠡᠵᠦ᠄ 《ᠳ᠋ᠠᠸᠢᠳ᠋ ᠶᠧᠱᠢᠮᠣᠨ ᠤ ᠡᠮᠦᠨ᠎ᠡ ᠲᠠᠯ᠎ᠠ ᠳᠤ ᠪᠠᠢᠳᠠᠭ ᠬᠠᠺᠢᠯᠠ ᠶᠢᠨ ᠲᠣᠯᠣᠭᠠᠳ ᠲᠤ ᠨᠢᠭᠤᠭᠳᠠᠵᠤ ᠪᠠᠢᠨ᠎ᠠ ᠰᠢᠦ》 ᠭᠡᠵᠦ ᠬᠡᠯᠡᠪᠡ᠃ 2 ᠰᠠᠦ᠋ᠯ ᠪᠣᠰᠴᠤ᠂ ᠢᠰᠷᠧᠯ ᠤᠨ ᠰᠢᠯᠢᠳᠡᠭ ᠡᠷᠡᠴᠦᠳ ᠡᠴᠡ ᠭᠤᠷᠪᠠᠨ ᠮᠢᠩ᠋ᠭ᠎ᠠ ᠶᠢ ᠠᠪᠴᠤ᠂ ᠽᠢᠹ ᠤᠨ ᠴᠥᠯ ᠳᠤ ᠪᠠᠢᠭ᠎ᠠ ᠳ᠋ᠠᠸᠢᠳ᠋ ᠢ ᠡᠷᠢᠬᠦ ᠪᠡᠷ ᠽᠢᠹ ᠤᠨ ᠴᠥᠯ ᠤᠷᠤᠭᠤ ᠬᠥᠳᠡᠯᠪᠡ᠃ 3 ᠰᠠᠦ᠋ᠯ ᠶᠧᠱᠢᠮᠣᠨ ᠤ ᠡᠮᠦᠨ᠎ᠡ ᠲᠠᠯ᠎ᠠ ᠳᠤ ᠪᠠᠢᠭ᠎ᠠ ᠬᠠᠺᠢᠯᠠ ᠶᠢᠨ ᠲᠣᠯᠣᠭᠠᠳ ᠤᠨ ᠵᠠᠮ ᠤᠨ ᠳᠡᠷᠭᠡᠳᠡ ᠬᠤᠸᠠᠷᠠᠩᠨᠠᠵᠤ ᠪᠠᠢᠬᠤ ᠳᠤ᠂ ᠴᠥᠯ ᠳᠤ ᠪᠠᠢᠭᠰᠠᠨ ᠳ᠋ᠠᠸᠢᠳ᠋ ᠰᠠᠦ᠋ᠯ ᠤᠨ ᠥᠪᠡᠷ ᠢ ᠨᠢ ᠮᠥᠷᠳᠡᠵᠦ ᠴᠥᠯ ᠳᠤ ᠢᠷᠡᠭᠰᠡᠨ ᠢ ᠣᠯᠵᠤ ᠬᠠᠷᠠᠪᠠ᠃ 4 ᠳ᠋ᠠᠸᠢᠳ᠋ ᠲᠤᠷᠰᠢᠭᠤᠯ ᠶᠠᠪᠤᠭᠤᠯᠵᠤ᠂ ᠰᠠᠦ᠋ᠯ ᠤᠨ ᠪᠠᠢᠭ᠎ᠠ ᠭᠠᠵᠠᠷ ᠢ ᠯᠠᠪᠯᠠᠭᠤᠯᠪᠠ᠃ 5 ᠲᠡᠭᠡᠭᠡᠳ ᠳ᠋ᠠᠸᠢᠳ᠋ ᠰᠠᠦ᠋ᠯ ᠤᠨ ᠬᠤᠸᠠᠷᠠᠩᠨᠠᠭᠰᠠᠨ ᠭᠠᠵᠠᠷ ᠲᠤ ᠣᠴᠢᠵᠤ᠂ ᠰᠠᠦ᠋ᠯ ᠪᠣᠯᠣᠨ ᠲᠡᠭᠦᠨ ᠦ ᠴᠡᠷᠢᠭ ᠤᠨ ᠵᠠᠩᠵᠤᠨ ᠨᠧᠷ ᠤᠨ ᠬᠥᠪᠡᠭᠦᠨ ᠠᠪᠨᠧᠷ ᠨᠠᠷ ᠤᠨ ᠤᠨᠲᠠᠵᠤ ᠪᠤᠢ ᠭᠠᠵᠠᠷ ᠢ ᠣᠯᠵᠤ ᠬᠠᠷᠠᠪᠠ᠃ ᠰᠠᠦ᠋ᠯ ᠬᠠᠯᠬᠠᠪᠴᠢ ᠳᠣᠲᠣᠷ᠎ᠠ᠂ ᠴᠡᠷᠢᠭ ᠤᠳ ᠨᠢ ᠲᠡᠭᠦᠨ ᠢ ᠲᠣᠭᠣᠷᠢᠨ ᠤᠨᠲᠠᠵᠤ ᠪᠠᠢᠵᠠᠢ᠃

6 ᠳ᠋ᠠᠸᠢᠳ᠋ ᠾᠢᠲ ᠬᠥᠮᠦᠨ ᠠᠾᠢᠮᠧᠯᠧᠺ ᠪᠣᠯᠣᠨ ᠽᠧᠷᠣᠢᠶ᠎ᠠ ᠶᠢᠨ ᠬᠥᠪᠡᠭᠦᠨ ᠶᠣᠶᠠᠪ ᠤᠨ ᠳᠡᠭᠦᠦ ᠠᠪᠢᠱᠠᠢ ᠨᠠᠷ ᠲᠤ ᠬᠠᠨᠳᠤᠨ᠄ 《ᠬᠡᠨ ᠨᠠᠳᠠ ᠲᠠᠢ ᠬᠠᠮᠲᠤ ᠰᠠᠦ᠋ᠯ ᠤᠨ ᠬᠤᠸᠠᠷᠠᠨ ᠤᠷᠤᠭᠤ ᠶᠠᠪᠤᠬᠤ ᠪᠤᠢ︖》 ᠭᠡᠰᠡᠨ ᠳᠦ᠂ ᠠᠪᠢᠱᠠᠢ᠄ 《ᠪᠢ ᠲᠠᠨ ᠲᠠᠢ ᠬᠠᠮᠲᠤ ᠤᠷᠤᠭᠤᠳᠠᠨ ᠶᠠᠪᠤᠶ᠎ᠠ》 ᠭᠡᠵᠦ ᠬᠠᠷᠢᠭᠤᠯᠪᠠ᠃ 7 ᠡᠢᠨ ᠬᠦ ᠳ᠋ᠠᠸᠢᠳ᠋ ᠠᠪᠢᠱᠠᠢ ᠬᠣᠶᠠᠷ ᠰᠥᠨᠢ ᠪᠠᠷ ᠴᠡᠷᠢᠭ ᠤᠨ ᠳᠣᠲᠣᠷ᠎ᠠ ᠣᠷᠣᠭᠠᠳ ᠦᠵᠡᠬᠦ ᠳᠦ᠂ ᠰᠠᠦ᠋ᠯ ᠬᠠᠯᠬᠠᠪᠴᠢ ᠳᠤᠮᠳᠠ ᠤᠨᠲᠠᠵᠤ ᠪᠠᠢᠵᠠᠢ︕ ᠲᠡᠭᠦᠨ ᠦ ᠵᠢᠳᠠ ᠲᠣᠯᠣᠭᠠᠢ ᠶᠢᠨ ᠬᠢᠨᠢ ᠬᠠᠵᠠᠭᠤ ᠳᠤ ᠭᠠᠵᠠᠷ ᠲᠤ ᠬᠠᠳᠬᠤᠭᠠᠰᠤᠲᠠᠢ ᠪᠠᠢᠵᠤ᠂ ᠠᠪᠨᠧᠷ ᠪᠣᠯᠣᠨ ᠴᠡᠷᠢᠭ ᠤᠳ ᠨᠢ ᠲᠡᠭᠦᠨ ᠢ ᠲᠣᠭᠣᠷᠢᠨ ᠤᠨᠲᠠᠵᠤ ᠪᠠᠢᠪᠠ︕ 8 ᠠᠪᠢᠱᠠᠢ ᠳ᠋ᠠᠸᠢᠳ᠋ ᠲᠤ᠄ 《ᠪᠤᠷᠬᠠᠨ ᠥᠨᠥᠳᠥᠷ ᠲᠠᠨ ᠤ ᠳᠠᠢᠰᠤᠨ ᠢ ᠭᠠᠷ ᠲᠤ ᠲᠠᠨᠢ ᠲᠤᠰᠢᠶᠠᠵᠠᠢ᠃ ᠣᠳᠣ ᠡᠨᠡ ᠵᠢᠳᠠ ᠪᠠᠷ ᠲᠡᠭᠦᠨ ᠢ ᠭᠠᠵᠠᠷ ᠲᠤ ᠨᠢᠭᠡᠮᠦᠰᠦᠨ ᠬᠠᠳᠬᠤᠵᠤ ᠠᠯᠠᠬᠤ ᠶᠢ ᠮᠢᠨᠢ ᠵᠥᠪᠰᠢᠶᠡᠷᠡᠭᠡᠴᠢ᠂ ᠳᠠᠪᠲᠠᠨ ᠬᠠᠳᠬᠤᠬᠤ ᠴᠤ ᠬᠡᠷᠡᠭ ᠦᠭᠡᠢ》 ᠭᠡᠵᠦ ᠬᠡᠯᠡᠪᠡ᠃ 9 ᠳ᠋ᠠᠸᠢᠳ᠋ ᠠᠪᠢᠱᠠᠢ ᠳᠤ᠄ 《ᠲᠡᠭᠦᠨ ᠢ ᠪᠦᠦ ᠠᠯᠠ᠃ ᠶᠣᠬᠣᠸᠠ ᠶᠢᠨ ᠲᠣᠰᠣᠯᠠᠭᠰᠠᠨ ᠬᠥᠮᠦᠨ ᠳᠦ ᠭᠠᠷ ᠬᠦᠷᠭᠡᠭᠰᠡᠨ ᠬᠥᠮᠦᠨ ᠰᠢᠳᠬᠡᠯ ᠦᠭᠡᠢ ᠪᠠᠢᠵᠤ ᠴᠢᠳᠠᠬᠤ ᠤᠤ︖》 ᠭᠡᠪᠡ᠃ 10 ᠳ᠋ᠠᠸᠢᠳ᠋ ᠴᠠᠰᠢ ᠨᠢ᠄ 《ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠲᠡᠭᠦᠨ ᠢ ᠤᠰᠠᠳᠬᠠᠭᠴᠢ ᠨᠢ ᠶᠣᠬᠣᠸᠠ ᠪᠢᠯᠡ᠃ ᠲᠡᠷᠡ ᠦᠬᠦᠬᠦ ᠡᠳᠦᠷ ᠲᠡᠭᠡᠨ ᠦᠬᠦᠨ᠎ᠡ᠂ ᠡᠰᠡᠪᠡᠯ ᠲᠤᠯᠤᠯᠳᠤᠭᠠᠨ ᠳᠤ ᠶᠠᠪᠤᠵᠤ ᠰᠥᠨᠥᠨ᠎ᠡ᠃ 11 ᠶᠣᠬᠣᠸᠠ ᠶᠢᠨ ᠲᠣᠰᠣᠯᠠᠭᠰᠠᠨ ᠬᠥᠮᠦᠨ ᠳᠦ ᠭᠠᠷ ᠬᠦᠷᠬᠦ ᠶᠢ ᠮᠢᠨᠢ ᠶᠣᠬᠣᠸᠠ ᠣᠭᠲᠣ ᠵᠥᠪᠰᠢᠶᠡᠷᠡᠬᠦ ᠦᠭᠡᠢ᠃ ᠵᠠ᠂ ᠣᠳᠣ ᠲᠣᠯᠣᠭᠠᠢ ᠶᠢᠨ ᠬᠢᠨᠢ ᠬᠠᠵᠠᠭᠤ ᠳᠤ ᠪᠠᠢᠭ᠎ᠠ ᠵᠢᠳᠠ᠂ ᠤᠰᠤ ᠲᠠᠢ ᠳᠣᠩᠪᠣ ᠶᠢ ᠠᠪᠤᠭᠠᠳ ᠶᠠᠪᠤᠶ᠎ᠠ》 ᠭᠡᠵᠦ ᠬᠡᠯᠡᠪᠡ᠃ 12 ᠳ᠋ᠠᠸᠢᠳ᠋ ᠡᠢᠨ ᠬᠦ ᠰᠠᠦ᠋ᠯ ᠤᠨ ᠲᠣᠯᠣᠭᠠᠢ ᠶᠢᠨ ᠬᠠᠵᠠᠭᠤ ᠠᠴᠠ ᠵᠢᠳᠠ ᠪᠠ ᠤᠰᠤ ᠲᠠᠢ ᠳᠣᠩᠪᠣ ᠶᠢ ᠠᠪᠴᠤ ᠶᠠᠪᠤᠬᠤ ᠳᠤ ᠬᠡᠨ ᠴᠤ ᠬᠠᠷᠠᠭᠰᠠᠨ ᠦᠭᠡᠢ᠂ ᠬᠡᠨ ᠴᠤ ᠮᠡᠳᠡᠭᠰᠡᠨ ᠦᠭᠡᠢ᠂ ᠬᠡᠨ ᠴᠤ ᠰᠡᠷᠢᠭᠰᠡᠨ ᠦᠭᠡᠢ᠃ ᠲᠡᠳᠡ ᠶᠣᠬᠣᠸᠠ ᠶᠢᠨ ᠶᠠᠪᠤᠭᠤᠯᠤᠭᠰᠠᠨ ᠭᠦᠨ ᠨᠣᠢᠷ ᠲᠤ ᠠᠪᠲᠠᠵᠤ᠂ ᠪᠦᠭᠦᠳᠡᠭᠡᠷ ᠢᠶᠡᠨ ᠤᠨᠲᠠᠭᠰᠠᠭᠠᠷ ᠪᠠᠢᠪᠠ᠃

13 ᠳ᠋ᠠᠸᠢᠳ᠋ ᠨᠥᠭᠥᠭᠡ ᠲᠠᠯ᠎ᠠ ᠤᠷᠤᠭᠤ ᠶᠠᠪᠤᠵᠤ᠂ ᠬᠣᠯᠠᠬᠠᠨ ᠭᠡᠭᠴᠢ ᠠᠭᠤᠯᠠ ᠶᠢᠨ ᠣᠷᠣᠢ ᠳᠤ ᠭᠠᠷᠪᠠ᠃ ᠲᠡᠳᠡᠨ ᠦ ᠬᠣᠭᠣᠷᠣᠨᠳᠣ ᠶᠡᠬᠡ ᠵᠠᠢᠲᠠᠢ ᠪᠠᠢᠵᠠᠢ᠃ 14 ᠳ᠋ᠠᠸᠢᠳ᠋ ᠴᠡᠷᠢᠭ ᠤᠳ ᠪᠣᠯᠣᠨ ᠨᠧᠷ ᠤᠨ ᠬᠥᠪᠡᠭᠦᠨ ᠠᠪᠨᠧᠷ ᠲᠤ ᠬᠠᠰᠬᠢᠷᠤᠨ᠄ 《ᠠᠪᠨᠧᠷ ᠡ᠂ ᠴᠢ ᠬᠠᠷᠢᠭᠤᠯᠬᠤ ᠦᠭᠡᠢ ᠤᠤ︖》 ᠭᠡᠬᠦ ᠳᠦ᠂ ᠠᠪᠨᠧᠷ᠄ 《ᠬᠠᠭᠠᠨ ᠤᠷᠤᠭᠤ ᠬᠠᠰᠬᠢᠷᠤᠭᠴᠢ ᠴᠢ ᠬᠡᠨ ᠶᠤᠮ ᠪᠤᠢ︖》 ᠭᠡᠵᠦ ᠬᠠᠷᠢᠭᠤ ᠠᠰᠠᠭᠤᠪᠠ᠃ 15 ᠳ᠋ᠠᠸᠢᠳ᠋ ᠠᠪᠨᠧᠷ ᠲᠤ᠄ 《ᠴᠢ ᠡᠷ᠎ᠡ ᠬᠥᠮᠦᠨ ᠮᠥᠨ ᠤᠤ︖ ᠢᠰᠷᠧᠯ ᠳᠤ ᠴᠢᠮ᠎ᠠ ᠲᠠᠢ ᠡᠩ ᠵᠡᠷᠭᠡᠴᠡᠬᠦ ᠬᠥᠮᠦᠨ ᠪᠠᠢᠨ᠎ᠠ ᠤᠤ︖ ᠴᠢ ᠶᠠᠭᠠᠬᠢᠭᠠᠳ ᠡᠵᠡᠨ ᠬᠠᠭᠠᠨ ᠢᠶᠠᠨ ᠬᠠᠮᠠᠭᠠᠯᠠᠭᠰᠠᠨ ᠦᠭᠡᠢ ᠪᠤᠢ︖ ᠨᠢᠭᠡ ᠴᠡᠷᠢᠭ ᠲᠡᠨᠳᠡ ᠣᠴᠢᠭᠠᠳ ᠡᠵᠡᠨ ᠬᠠᠭᠠᠨ ᠢ ᠴᠢᠨᠢ ᠬᠥᠨᠥᠭᠡᠬᠦ ᠭᠡᠵᠦ ᠪᠠᠢᠭᠰᠠᠨ᠃ 16 ᠴᠢᠨᠦ ᠦᠢᠯᠡᠰ ᠰᠠᠢᠨ ᠪᠢᠰᠢ︕ ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠲᠠ ᠨᠠᠷ ᠥᠪᠡᠷᠰᠡᠳ ᠦᠨ ᠡᠵᠡᠨ᠂ ᠶᠣᠬᠣᠸᠠ ᠶᠢᠨ ᠲᠣᠰᠣᠯᠠᠭᠰᠠᠨ ᠨᠢᠭᠡᠨ ᠢ ᠡᠰᠡ ᠬᠠᠮᠠᠭᠠᠯᠠᠭᠰᠠᠨ ᠤᠴᠢᠷ ᠵᠠᠪᠠᠯ ᠦᠬᠦᠬᠦ ᠶᠣᠰᠣᠲᠠᠢ᠃ ᠣᠳᠣ ᠬᠠᠢᠵᠤ ᠦᠵᠡ᠂ ᠬᠠᠭᠠᠨ ᠤ ᠲᠣᠯᠣᠭᠠᠢ ᠶᠢᠨ ᠬᠠᠵᠠᠭᠤ ᠳᠤ ᠪᠠᠢᠭᠰᠠᠨ ᠬᠠᠭᠠᠨ ᠤ ᠵᠢᠳᠠ ᠪᠠ ᠳᠣᠩᠪᠣ ᠲᠠᠢ ᠤᠰᠤ ᠬᠠᠮᠢᠭ᠎ᠠ ᠪᠠᠢᠨ᠎ᠠ︖》 ᠭᠡᠵᠦ ᠬᠡᠯᠡᠪᠡ᠃

17 ᠰᠠᠦ᠋ᠯ ᠳ᠋ᠠᠸᠢᠳ᠋ ᠤᠨ ᠳᠠᠭᠤ ᠶᠢ ᠲᠠᠨᠢᠭᠠᠳ᠄ 《ᠮᠢᠨᠦ ᠬᠦᠦ ᠳ᠋ᠠᠸᠢᠳ᠋ ᠡ᠂ ᠡᠨᠡ ᠴᠢᠨᠦ ᠳᠠᠭᠤ ᠮᠥᠨ ᠤᠤ︖》 ᠭᠡᠬᠦ ᠳᠦ᠂ ᠳ᠋ᠠᠸᠢᠳ᠋᠄ 《ᠮᠢᠨᠦ ᠳᠠᠭᠤ ᠮᠥᠨ᠂ ᠡᠵᠡᠨ ᠬᠠᠭᠠᠨ ᠮᠢᠨᠢ︕》 ᠭᠡᠵᠦ ᠬᠠᠷᠢᠭᠤᠯᠪᠠ᠃ 18 ᠲᠡᠷᠡ ᠪᠠᠰᠠ᠄ 《ᠡᠵᠡᠨᠲᠡᠨ ᠮᠢᠨᠢ᠂ ᠶᠠᠭᠤᠨ ᠳᠤ ᠵᠠᠷᠤᠴᠠ ᠶᠢᠨ ᠢᠶᠠᠨ ᠠᠷᠤ ᠠᠴᠠ ᠢᠩᠭᠢᠵᠦ ᠮᠥᠰᠬᠢᠨ᠎ᠡ ᠪᠤᠢ︖ ᠪᠢ ᠶᠠᠭᠤ ᠦᠢᠯᠡᠳᠦᠭᠰᠡᠨ ᠭᠡᠵᠢ︖ ᠮᠢᠨᠦ ᠭᠠᠷ ᠲᠤ ᠶᠠᠮᠠᠷ ᠭᠡᠮ ᠪᠤᠷᠤᠭᠤ ᠪᠠᠢᠨ᠎ᠠ ᠪᠤᠢ︖ 19 ᠣᠳᠣ ᠡᠵᠡᠨ ᠬᠠᠭᠠᠨᠲᠠᠨ ᠮᠢᠨᠢ᠂ ᠵᠠᠷᠤᠴᠠ ᠶᠢᠨ ᠢᠶᠠᠨ ᠦᠭᠡ ᠶᠢ ᠪᠣᠯᠭᠣᠭᠠᠭᠠᠴᠢ᠃ ᠬᠡᠷᠪᠡ ᠶᠣᠬᠣᠸᠠ ᠨᠠᠮᠠᠶᠢ ᠬᠣᠣᠷᠯᠠᠬᠤ ᠪᠠᠷ ᠲᠠᠨ ᠢ ᠥᠳᠥᠭᠡᠭᠰᠡᠨ ᠶᠤᠮ ᠪᠣᠯ᠂ ᠲᠡᠷᠡ ᠨᠠᠮᠠᠶᠢ ᠲᠠᠬᠢᠯ ᠪᠣᠯᠭᠠᠨ ᠬᠦᠯᠢᠶᠡᠨ ᠠᠪᠬᠤ ᠪᠣᠯᠲᠤᠭᠠᠢ᠃ ᠬᠡᠷᠪᠡ ᠬᠥᠮᠦᠰ ᠨᠠᠮᠠᠶᠢ ᠬᠣᠣᠷᠯᠠᠬᠤ ᠪᠠᠷ ᠲᠠᠨ ᠢ ᠥᠳᠥᠭᠡᠭᠰᠡᠨ ᠶᠤᠮ ᠪᠣᠯ᠂ ᠶᠣᠬᠣᠸᠠ ᠶᠢᠨ ᠡᠮᠦᠨ᠎ᠡ ᠲᠡᠳᠡ ᠵᠦᠬᠡᠭᠳᠡᠬᠦ ᠪᠣᠯᠲᠤᠭᠠᠢ᠃ ᠲᠡᠳᠡ ᠶᠣᠬᠣᠸᠠ ᠶᠢᠨ ᠥᠪᠯᠡᠭᠦᠯᠦᠭᠰᠡᠨ ᠭᠠᠵᠠᠷ ᠠᠴᠠ ᠮᠢᠨᠢ ᠨᠠᠮᠠᠶᠢ ᠰᠠᠯᠭᠠᠵᠤ 〈ᠴᠢ ᠡ᠊ᠨᠳᠡ ᠡᠴᠡ ᠶᠠᠪᠤ᠃ ᠪᠤᠰᠤᠳ ᠪᠤᠷᠬᠠᠳ ᠲᠤ ᠦᠢᠯᠡᠴᠢᠯᠡ〉 ᠭᠡᠯᠴᠡᠨ ᠬᠥᠭᠡᠭᠡᠵᠦ ᠶᠠᠪᠤᠭᠤᠯᠤᠭᠰᠠᠨ ᠶᠤᠮ᠃ 20 ᠶᠣᠬᠣᠸᠠ ᠶᠢᠨ ᠣᠷᠣᠰᠢᠬᠤᠢ ᠠᠴᠠ ᠠᠯᠤᠰ ᠬᠣᠯᠠ ᠡᠨᠡ ᠭᠠᠵᠠᠷ ᠳᠡᠭᠡᠷ᠎ᠡ ᠴᠢᠰᠤ ᠶᠢ ᠮᠢᠨᠢ ᠪᠦᠦ ᠤᠷᠤᠰᠬᠠᠭᠠᠴᠢ᠃ ᠢᠰᠷᠧᠯ ᠤᠨ ᠬᠠᠭᠠᠨ ᠠᠭᠤᠯᠠᠨ ᠳᠤ ᠢᠲᠠᠭᠤ ᠬᠥᠭᠡᠭᠡᠳᠡᠭ ᠠᠩᠴᠢᠨ ᠠᠳᠠᠯᠢ ᠭᠠᠭᠴᠠᠬᠠᠨ ᠪᠥᠭᠡᠰᠦ ᠶᠢ ᠡᠷᠢᠬᠦ ᠪᠡᠷ ᠭᠠᠷᠤᠭᠰᠠᠨ ᠭᠡᠵᠢ ᠤᠤ︖》 ᠭᠡᠵᠦ ᠬᠡᠯᠡᠪᠡ᠃

21 ᠲᠡᠭᠡᠬᠦ ᠳᠦ ᠰᠠᠦ᠋ᠯ᠄ 《ᠪᠢ ᠨᠢᠭᠦᠯ ᠦᠢᠯᠡᠳᠴᠡᠢ᠃ ᠪᠤᠴᠠᠵᠤ ᠢᠷ᠎ᠡ᠂ ᠮᠢᠨᠦ ᠬᠦᠦ ᠳ᠋ᠠᠸᠢᠳ᠋︕ ᠥᠨᠥᠳᠥᠷ ᠴᠢ ᠮᠢᠨᠦ ᠠᠮᠢ ᠶᠢ ᠨᠠᠨᠳᠢᠩᠨᠠᠭᠰᠠᠨ ᠲᠤᠯᠠ ᠪᠢ ᠴᠤ ᠳᠠᠬᠢᠭᠠᠳ ᠴᠢᠮ᠎ᠠ ᠳᠤ ᠬᠣᠷᠣᠨ ᠮᠠᠭᠤ ᠶᠢ ᠦᠢᠯᠡᠳᠬᠦ ᠦᠭᠡᠢ᠃ ᠪᠢ ᠮᠤᠩ᠋ᠬᠠᠷᠠᠭᠠᠳ ᠲᠣᠮᠣ ᠠᠯᠳᠠᠭ᠎ᠠ ᠭᠠᠷᠭᠠᠯ᠎ᠠ》 ᠭᠡᠪᠡ᠃ 22 ᠳ᠋ᠠᠸᠢᠳ᠋ ᠬᠠᠷᠢᠭᠤ ᠳᠤᠨᠢ᠄ 《ᠬᠠᠷᠠ᠂ ᠬᠠᠭᠠᠨ ᠤ ᠵᠢᠳᠠ ᠡᠨᠡ ᠪᠠᠢᠨ᠎ᠠ︕ ᠵᠠᠯᠠᠭᠤᠰ ᠤᠨ ᠢᠶᠠᠨ ᠨᠢᠭᠡ ᠶᠢ ᠢᠯᠡᠭᠡᠵᠦ᠂ ᠡᠭᠦᠨ ᠢ ᠠᠪᠤᠭᠠᠷᠠᠢ᠃ 23 ᠶᠣᠬᠣᠸᠠ ᠬᠥᠮᠦᠨ ᠪᠦᠷᠢ ᠶᠢᠨ ᠵᠥᠪᠲᠦ ᠪᠣᠯᠣᠨ ᠢᠲᠡᠭᠡᠯ ᠲᠡᠢ ᠪᠠᠢᠳᠠᠯ ᠢᠶᠠᠷ ᠬᠠᠷᠢᠭᠤ ᠱᠠᠩᠨᠠᠬᠤ ᠪᠣᠯᠣᠨ᠎ᠠ᠃ ᠶᠣᠬᠣᠸᠠ ᠥᠨᠥᠳᠥᠷ ᠲᠠᠨ ᠢ ᠮᠢᠨᠦ ᠭᠠᠷ ᠲᠤ ᠣᠷᠣᠭᠤᠯᠤᠭᠰᠠᠨ ᠪᠣᠯᠪᠠᠴᠤ ᠪᠢ ᠶᠣᠬᠣᠸᠠ ᠶᠢᠨ ᠲᠣᠰᠣᠯᠠᠭᠰᠠᠨ ᠬᠥᠮᠦᠨ ᠳᠦ ᠭᠠᠷ ᠬᠦᠷᠬᠦ ᠶᠢ ᠬᠦᠰᠡᠭᠰᠡᠨ ᠦᠭᠡᠢ᠃ 24 ᠬᠠᠷᠠ᠂ ᠥᠨᠥᠳᠥᠷ ᠪᠢ ᠲᠠᠨ ᠤ ᠠᠮᠢ ᠶᠢ ᠨᠠᠨᠳᠢᠩᠨᠠᠭᠰᠠᠨ ᠲᠠᠢ ᠠᠳᠠᠯᠢ ᠶᠣᠬᠣᠸᠠ ᠮᠢᠨᠦ ᠠᠮᠢ ᠶᠢ ᠨᠠᠨᠳᠢᠩᠨᠠᠵᠤ ᠨᠠᠮᠠᠶᠢ ᠠᠯᠢᠪᠠ ᠠᠶᠤᠯ ᠠᠴᠠ ᠭᠡᠲᠦᠯᠭᠡᠬᠦ ᠪᠣᠯᠲᠤᠭᠠᠢ》 ᠭᠡᠵᠦ ᠬᠡᠯᠡᠭᠰᠡᠨ ᠳᠦ᠂ 25 ᠰᠠᠦ᠋ᠯ ᠳ᠋ᠠᠸᠢᠳ᠋ ᠲᠤ᠄ 《ᠮᠢᠨᠦ ᠬᠦᠦ ᠳ᠋ᠠᠸᠢᠳ᠋ ᠡ᠂ ᠴᠢ ᠢᠪᠡᠭᠡᠭᠳᠡᠬᠦ ᠪᠣᠯᠲᠤᠭᠠᠢ᠃ ᠴᠢ ᠶᠡᠬᠡ ᠬᠡᠷᠡᠭ ᠪᠦᠲᠦᠭᠡᠵᠦ᠂ ᠯᠠᠪᠲᠠᠢ ᠠᠮᠵᠢᠯᠲᠠ ᠣᠯᠬᠤ ᠶᠤᠮ》 ᠭᠡᠪᠡ᠃ ᠢᠩᠭᠢᠭᠡᠳ ᠳ᠋ᠠᠸᠢᠳ᠋ ᠵᠠᠮ ᠳᠠᠭᠠᠨ ᠭᠠᠷᠴᠤ᠂ ᠰᠠᠦ᠋ᠯ ᠴᠤ ᠭᠡᠷ ᠤᠷᠤᠭᠤ ᠪᠠᠨ ᠪᠤᠴᠠᠭᠰᠠᠨ ᠪᠠᠢᠯ᠎ᠠ᠃