1 2 3 4 5 6 7 8 9 10 11 12 13 14 15 16 17 18 19 20 21 22 23 24 25 26 27 28 29 30 31


ᠨᠢᠭᠡᠳᠦᠭᠡᠷ ᠰᠠᠮᠦ᠋ᠶᠧᠯ ᠬᠣᠷᠢᠨ ᠬᠣᠶᠠᠷ
 ᠳ᠋ᠠᠸᠢᠳ᠋ ᠠᠳᠦ᠋ᠯᠠᠮ ᠤᠨ ᠠᠭᠤᠢ ᠳᠤ

1 ᠳ᠋ᠠᠸᠢᠳ᠋ ᠲᠡᠨᠳᠡ ᠡᠴᠡ ᠵᠠᠢᠯᠠᠵᠤ᠂ ᠠᠳᠦ᠋ᠯᠠᠮ ᠤᠨ ᠠᠭᠤᠢ ᠤᠷᠤᠭᠤ ᠵᠢᠭᠤᠲᠠᠪᠠ᠃ ᠲᠡᠭᠦᠨ ᠦ ᠠᠬ᠎ᠠ ᠨᠠᠷ ᠪᠣᠯᠣᠨ ᠡᠴᠢᠭᠡ ᠶᠢᠨ ᠬᠢᠨᠢ ᠭᠡᠷ ᠦᠨ ᠬᠢᠨ ᠪᠦᠭᠦᠳᠡ ᠡᠭᠦᠨ ᠢ ᠰᠣᠨᠣᠰᠣᠭᠠᠳ ᠳ᠋ᠠᠸᠢᠳ᠋ ᠤᠨ ᠪᠠᠢᠭ᠎ᠠ ᠭᠠᠵᠠᠷ ᠤᠷᠤᠭᠤ ᠢᠷᠡᠪᠡ᠃ 2 ᠵᠣᠪᠠᠯᠠᠩ ᠲᠠᠢ᠂ ᠥᠷᠢ ᠳᠤ ᠣᠷᠣᠭᠰᠠᠨ᠂ ᠰᠡᠳᠬᠢᠯ ᠢᠶᠠᠷ ᠤᠨᠠᠭᠰᠠᠨ ᠬᠥᠮᠦᠰ ᠴᠤ ᠪᠦᠭᠦᠳᠡᠭᠡᠷ ᠳ᠋ᠠᠸᠢᠳ᠋ ᠤᠷᠤᠭᠤ ᠴᠤᠭᠯᠠᠷᠠᠨ ᠢᠷᠡᠭᠰᠡᠭᠡᠷ ᠪᠠᠢᠵᠤ᠂ ᠳ᠋ᠠᠸᠢᠳ᠋ ᠲᠡᠳᠡᠨ ᠦ ᠤᠳᠤᠷᠢᠳᠤᠭᠴᠢ ᠪᠣᠯᠵᠠᠢ᠃ ᠡᠢᠨ ᠬᠦ ᠲᠡᠭᠦᠨ ᠲᠡᠢ ᠬᠠᠮᠲᠤ ᠳᠥᠷᠪᠡᠨ ᠵᠠᠭᠤᠭᠠᠳ ᠬᠥᠮᠦᠨ ᠪᠣᠯᠪᠠ᠃

3 ᠳ᠋ᠠᠸᠢᠳ᠋ ᠲᠡᠨᠳᠡ ᠡᠴᠡ ᠮᠣᠶᠠᠪ ᠤᠨ ᠮᠢᠽᠫᠧ ᠳᠤ ᠣᠴᠢᠵᠤ᠂ ᠮᠣᠶᠠᠪ ᠤᠨ ᠬᠠᠭᠠᠨ ᠳᠤ᠄ 《ᠪᠤᠷᠬᠠᠨ ᠮᠢᠨᠦ ᠲᠥᠯᠥᠭᠡ ᠶᠠᠭᠤ ᠬᠢᠬᠦ ᠶᠢ ᠣᠯᠵᠤ ᠮᠡᠳᠡᠬᠦ ᠬᠦᠷᠲᠡᠯ᠎ᠡ ᠮᠢᠨᠢ ᠡᠴᠢᠭᠡ ᠡᠬᠡ ᠶᠢᠨ ᠮᠢᠨᠢ ᠢᠷᠡᠵᠦ ᠲᠠᠨ ᠤ ᠡ᠊ᠨᠳᠡ ᠪᠠᠢᠬᠤ ᠶᠢ ᠵᠥᠪᠰᠢᠶᠡᠷᠡᠭᠡᠴᠢ》 ᠭᠡᠵᠦ ᠭᠤᠶᠤᠪᠠ᠃ 4 ᠢᠩᠭᠢᠭᠡᠳ ᠳ᠋ᠠᠸᠢᠳ᠋ ᠡᠴᠢᠭᠡ ᠡᠬᠡ ᠪᠡᠨ ᠮᠣᠶᠠᠪ ᠤᠨ ᠬᠠᠭᠠᠨ ᠳᠤ ᠬᠦᠷᠭᠡᠭᠰᠡᠨ ᠳᠦ᠂ ᠡᠴᠢᠭᠡ ᠡᠬᠡ ᠨᠢ ᠳ᠋ᠠᠸᠢᠳ᠋ ᠢ ᠪᠡᠬᠢᠯᠡᠯᠲᠡ ᠳᠦ ᠪᠠᠢᠬᠤ ᠬᠤᠭᠤᠴᠠᠭᠠᠨ ᠳᠤ ᠬᠠᠭᠠᠨ ᠤ ᠳᠤ ᠠᠮᠢᠳᠤᠷᠠᠪᠠ᠃ 5 ᠬᠠᠷᠢᠨ ᠡᠰᠢ ᠦᠵᠡᠭᠦᠯᠦᠭᠴᠢ ᠭᠠᠳ᠋ ᠳ᠋ᠠᠸᠢᠳ᠋ ᠲᠤ᠄ 《ᠪᠡᠬᠢᠯᠡᠯᠲᠡ ᠳᠦ ᠪᠠᠢᠭᠠᠳ ᠪᠠᠢᠵᠤ ᠪᠣᠯᠬᠤ ᠦᠭᠡᠢ᠃ ᠪᠣᠰᠴᠤ᠂ ᠶᠦᠳᠠ ᠨᠤᠲᠤᠭ ᠤᠷᠤᠭᠤ ᠶᠠᠪᠤᠭᠲᠤᠨ》 ᠭᠡᠵᠦ ᠬᠡᠯᠡᠭᠰᠡᠨ ᠳᠦ᠂ ᠳ᠋ᠠᠸᠢᠳ᠋ ᠲᠡᠨᠳᠡ ᠡᠴᠡ ᠭᠠᠷᠴᠤ᠂ ᠾᠧᠷᠧᠲ ᠤᠨ ᠣᠢ ᠰᠢᠭᠤᠢ ᠤᠷᠤᠭᠤ ᠣᠷᠣᠭᠰᠠᠨ ᠪᠠᠢᠯ᠎ᠠ᠃
 ᠰᠠᠦ᠋ᠯ ᠨᠣᠪ ᠤᠨ ᠲᠠᠬᠢᠯᠴᠢᠳ ᠢ ᠬᠥᠨᠥᠭᠡᠪᠡ

6 ᠳ᠋ᠠᠸᠢᠳ᠋ ᠪᠠ ᠲᠡᠭᠦᠨ ᠦ ᠳᠠᠭᠠᠯᠳᠤᠭᠰᠠᠳ ᠤᠨ ᠰᠤᠷᠠᠭ ᠭᠠᠷᠤᠭᠰᠠᠨ ᠲᠤᠬᠠᠢ ᠰᠠᠦ᠋ᠯ ᠰᠣᠨᠣᠰᠪᠠ᠃ ᠲᠡᠷᠡ ᠦᠶ᠎ᠡ ᠳᠦ ᠰᠠᠦ᠋ᠯ ᠭᠢᠪᠧᠶ᠎ᠠ ᠳᠤ᠂ ᠥᠨᠳᠥᠷᠯᠢᠭ ᠭᠠᠵᠠᠷ ᠰᠤᠬᠠᠢ ᠮᠣᠳᠣᠨ ᠤ ᠳᠣᠣᠷ᠎ᠠ ᠭᠠᠷ ᠲᠠᠭᠠᠨ ᠵᠢᠳᠠ ᠪᠠᠷᠢᠨ ᠰᠠᠭᠤᠵᠤ ᠪᠠᠢᠪᠠ᠃ ᠪᠦᠬᠦ ᠵᠠᠷᠤᠴᠠ ᠨᠠᠷ ᠨᠢ ᠲᠡᠭᠦᠨ ᠢ ᠲᠣᠭᠣᠷᠢᠨ ᠵᠣᠭᠰᠣᠵᠠᠢ᠃ 7 ᠰᠠᠦ᠋ᠯ ᠲᠣᠭᠣᠷᠢᠨ ᠵᠣᠭᠰᠣᠵᠤ ᠪᠠᠢᠭ᠎ᠠ ᠵᠠᠷᠤᠴᠠ ᠨᠠᠷ ᠲᠠᠭᠠᠨ᠄ 《ᠰᠣᠨᠣᠰᠣᠭᠲᠤᠨ᠂ ᠪᠢᠨᠶᠠᠮᠢᠨᠴᠤᠳ ᠡ︕ ᠢᠱᠠᠢ ᠶᠢᠨ ᠬᠥᠪᠡᠭᠦᠨ ᠲᠠ ᠨᠠᠷ ᠲᠤ ᠪᠠᠰᠠ ᠲᠠᠷᠢᠶᠠᠯᠠᠩ ᠪᠠ ᠦᠵᠦᠮ ᠦᠨ ᠲᠠᠯᠠᠪᠠᠢ ᠣᠯᠭᠣᠨ᠎ᠠ ᠭᠡᠵᠢ ᠤᠤ︖ ᠪᠦᠭᠦᠳᠡ ᠶᠢ ᠴᠢᠨᠢ ᠮᠢᠩ᠋ᠭᠠᠲᠤ ᠶᠢᠨ ᠳᠠᠷᠤᠭ᠎ᠠ᠂ ᠵᠠᠭᠤᠲᠤ ᠶᠢᠨ ᠳᠠᠷᠤᠭ᠎ᠠ ᠪᠠᠷ ᠲᠣᠮᠢᠯᠠᠨ᠎ᠠ ᠭᠡᠵᠢ ᠤᠤ︖ 8 ᠲᠠ ᠨᠠᠷ ᠪᠦᠭᠦᠳᠡ ᠮᠢᠨᠦ ᠡᠰᠡᠷᠭᠦ ᠬᠤᠤᠪᠢᠯᠳᠤᠭᠰᠠᠨ ᠪᠠᠢᠨ᠎ᠠ᠃ ᠮᠢᠨᠦ ᠬᠦᠦ ᠢᠱᠠᠢ ᠶᠢᠨ ᠬᠦᠦ ᠲᠠᠢ ᠭᠡᠷ᠎ᠡ ᠪᠠᠢᠭᠤᠯᠬᠤ ᠳᠤ ᠴᠤ ᠨᠠᠳᠠ ᠳᠤ ᠳᠤᠭᠤᠯᠭᠠᠭᠰᠠᠨ ᠬᠥᠮᠦᠨ ᠦᠭᠡᠢ᠂ ᠮᠢᠨᠦ ᠬᠦᠦ ᠮᠢᠨᠦ ᠪᠣᠭᠣᠯ ᠳ᠋ᠠᠸᠢᠳ᠋ ᠢ ᠥᠳᠥᠭᠡᠵᠦ ᠨᠠᠮᠠᠶᠢ ᠲᠡᠷᠰᠯᠡᠨ ᠥᠨᠥᠳᠥᠷ ᠣᠲᠣᠵᠤ ᠪᠠᠢᠬᠤ ᠳᠤ ᠮᠢᠨᠦ ᠲᠥᠯᠥᠭᠡ ᠰᠠᠨᠠᠭ᠎ᠠ ᠲᠠᠯᠪᠢᠨ ᠨᠠᠳᠠ ᠳᠤ ᠳᠤᠭᠤᠯᠭᠠᠬᠤ ᠬᠥᠮᠦᠨ ᠴᠤ ᠲᠠ ᠨᠠᠷ ᠤᠨ ᠳᠤᠮᠳᠠ ᠦᠭᠡᠢ ᠪᠠᠢᠨ᠎ᠠ︕》 ᠭᠡᠪᠡ᠃ 9 ᠲᠡᠭᠡᠲᠡᠯ᠎ᠡ ᠰᠠᠦ᠋ᠯ ᠤᠨ ᠵᠠᠷᠤᠴᠠ ᠨᠠᠷ ᠤᠨ ᠳᠡᠷᠭᠡᠳᠡ ᠵᠣᠭᠰᠣᠵᠤ ᠪᠠᠢᠭᠰᠠᠨ ᠡᠳᠣᠮ ᠬᠥᠮᠦᠨ ᠳ᠋ᠣᠶ᠋ᠢᠭ᠄ 《ᠢᠱᠠᠢ ᠶᠢᠨ ᠬᠥᠪᠡᠭᠦᠨ ᠢ ᠠᠾᠢᠲ᠋ᠦ᠋ᠪ ᠤᠨ ᠬᠥᠪᠡᠭᠦᠨ ᠠᠾᠢᠮᠧᠯᠧᠺ ᠲᠠᠢ ᠠᠭᠤᠯᠵᠠᠬᠤ ᠪᠠᠷ ᠨᠣᠪ ᠲᠤ ᠢᠷᠡᠭᠰᠡᠨ ᠢ ᠪᠢ ᠬᠠᠷᠠᠭᠰᠠᠨ ᠪᠢᠯᠡ᠃ 10 ᠠᠾᠢᠮᠧᠯᠧᠺ ᠲᠡᠭᠦᠨ ᠦ ᠲᠤᠬᠠᠢ ᠶᠣᠬᠣᠸᠠ ᠠᠴᠠ ᠭᠤᠶᠤᠨ ᠠᠰᠠᠭᠤᠵᠤ᠂ ᠲᠡᠭᠦᠨ ᠳᠦ ᠬᠣᠭᠣᠯᠠ ᠬᠦᠨᠡᠰᠦ ᠥᠭᠭᠥᠭᠰᠡᠨ᠂ ᠹᠢᠯᠢᠰᠲ ᠬᠥᠮᠦᠨ ᠭᠣᠯᠢᠶᠠᠲ ᠤᠨ ᠢᠯᠳᠦ ᠶᠢ ᠴᠤ ᠥᠭᠭᠥᠭᠰᠡᠨ》 ᠭᠡᠵᠦ ᠬᠠᠷᠢᠭᠤᠯᠪᠠ᠃

11 ᠬᠠᠭᠠᠨ ᠬᠥᠮᠦᠨ ᠶᠠᠪᠤᠭᠤᠯᠵᠤ᠂ ᠲᠠᠬᠢᠯᠴᠢ ᠠᠾᠢᠲ᠋ᠦ᠋ᠪ ᠤᠨ ᠬᠥᠪᠡᠭᠦᠨ ᠠᠾᠢᠮᠧᠯᠧᠺ ᠬᠢᠭᠡᠳ ᠨᠣᠪ ᠲᠤ ᠪᠠᠢᠭ᠎ᠠ ᠲᠡᠭᠦᠨ ᠦ ᠡᠴᠢᠭᠡ ᠶᠢᠨ ᠭᠡᠷ ᠦᠨ ᠲᠠᠬᠢᠯᠴᠢᠳ ᠢ ᠪᠦᠭᠦᠳᠡ ᠶᠢ ᠳᠠᠭᠤᠳᠠᠭᠤᠯᠤᠭᠰᠠᠨ ᠳᠤ᠂ ᠲᠡᠳᠡ ᠪᠦᠭᠦᠳᠡᠭᠡᠷ ᠬᠠᠭᠠᠨ ᠤᠷᠤᠭᠤ ᠢᠷᠡᠪᠡ᠃ 12 ᠰᠠᠦ᠋ᠯ᠄ 《ᠠᠾᠢᠲ᠋ᠦ᠋ᠪ ᠤᠨ ᠬᠥᠪᠡᠭᠦᠨ ᠡ᠂ ᠰᠣᠨᠣᠰᠣᠭᠲᠤᠨ︕》 ᠭᠡᠰᠡᠨ ᠳᠦ᠂ ᠲᠡᠷᠡ᠄ 《ᠬᠠᠭᠠᠨᠲᠠᠨ ᠮᠢᠨᠢ᠂ ᠪᠢ ᠡ᠊ᠨᠳᠡ ᠪᠠᠢᠨ᠎ᠠ》 ᠭᠡᠪᠡ᠃ 13 ᠲᠡᠭᠡᠬᠦ ᠳᠦ ᠰᠠᠦ᠋ᠯ ᠲᠡᠭᠦᠨ ᠳᠦ᠄ 《ᠴᠢ ᠶᠠᠭᠤᠨ ᠳᠤ ᠢᠱᠠᠢ ᠶᠢᠨ ᠬᠥᠪᠡᠭᠦᠨ ᠲᠡᠢ ᠨᠡᠢᠯᠡᠵᠦ ᠮᠢᠨᠦ ᠡᠰᠡᠷᠭᠦ ᠬᠤᠤᠪᠢᠯᠳᠤᠭᠠᠨ ᠵᠣᠬᠢᠶᠠᠪᠠ︖ ᠴᠢ ᠶᠠᠭᠤᠨ ᠳᠤ ᠲᠡᠭᠦᠨ ᠳᠦ ᠪᠣᠣᠪᠣ᠂ ᠢᠯᠳᠦ ᠥᠭᠴᠦ᠂ ᠲᠡᠭᠦᠨ ᠦ ᠲᠥᠯᠥᠭᠡ ᠪᠤᠷᠬᠠᠨ ᠠᠴᠠ ᠭᠤᠶᠤᠨ ᠠᠰᠠᠭᠤᠪᠠ︖ ᠲᠡᠷᠡ ᠥᠨᠥᠳᠥᠷ ᠨᠠᠳᠠ ᠠᠴᠠ ᠲᠡᠷᠰᠯᠡᠨ ᠣᠲᠣᠵᠤ ᠪᠠᠢᠨ᠎ᠠ》 ᠭᠡᠪᠡ᠃ 14 ᠠᠾᠢᠮᠧᠯᠧᠺ ᠬᠠᠭᠠᠨ ᠳᠤ ᠬᠠᠷᠢᠭᠤᠯᠤᠨ᠄ 《ᠲᠠᠨ ᠤ ᠵᠠᠷᠤᠴᠠ ᠨᠠᠷ ᠤᠨ ᠳᠣᠲᠣᠷ᠎ᠠ ᠳ᠋ᠠᠸᠢᠳ᠋ ᠰᠢᠭ᠋ ᠦᠨᠡᠨᠴᠢ ᠬᠥᠮᠦᠨ ᠬᠡᠨ ᠪᠠᠢᠨ᠎ᠠ ᠪᠤᠢ︖ ᠳ᠋ᠠᠸᠢᠳ᠋ ᠪᠣᠯ ᠬᠠᠭᠠᠨ ᠤ ᠬᠦᠷᠭᠡᠨ᠂ ᠲᠠᠨ ᠤ ᠰᠢᠳᠠᠷ ᠬᠠᠮᠠᠭᠠᠯᠠᠭᠴᠢᠳ ᠤᠨ ᠳᠠᠷᠤᠭ᠎ᠠ᠂ ᠲᠠᠨ ᠤ ᠭᠡᠷ ᠲᠦ ᠬᠦᠨᠳᠦᠲᠡᠢ ᠬᠥᠮᠦᠨ ᠪᠢᠰᠢ ᠤᠤ︖ 15 ᠪᠢ ᠲᠡᠭᠦᠨ ᠦ ᠲᠥᠯᠥᠭᠡ ᠥᠨᠥᠳᠥᠷ ᠯᠠ ᠪᠤᠷᠬᠠᠨ ᠠᠴᠠ ᠠᠰᠠᠭᠤᠵᠤ ᠡᠬᠢᠯᠡᠭᠰᠡᠨ ᠤᠤ︖ ᠣᠭᠲᠣ ᠲᠡᠢᠮᠦ ᠪᠢᠰᠢ︕ ᠬᠠᠭᠠᠨ ᠲᠠ ᠪᠣᠭᠣᠯ ᠨᠠᠳᠠ ᠳᠤ ᠪᠤᠶᠤ ᠮᠢᠨᠦ ᠡᠴᠢᠭᠡ ᠶᠢᠨ ᠭᠡᠷ ᠦᠨ ᠬᠢᠨ ᠳᠤ ᠶᠠᠭᠤ ᠴᠤ ᠪᠦᠦ ᠲᠤᠯᠭᠠᠭᠠᠴᠢ᠂ ᠪᠣᠭᠣᠯ ᠨᠢ ᠡᠨᠡ ᠪᠦᠬᠦ ᠬᠡᠷᠡᠭ ᠦᠨ ᠲᠤᠬᠠᠢ ᠣᠭᠲᠣ ᠮᠡᠳᠡᠬᠦ ᠦᠭᠡᠢ》 ᠭᠡᠪᠡ᠃ 16 ᠭᠡᠪᠡᠴᠦ ᠬᠠᠭᠠᠨ᠄ 《ᠠᠾᠢᠮᠧᠯᠧᠺ ᠡ᠂ ᠴᠢ ᠵᠠᠪᠠᠯ ᠦᠬᠦᠬᠦ ᠶᠣᠰᠣᠲᠠᠢ᠃ ᠴᠢ᠂ ᠴᠢᠨᠦ ᠡᠴᠢᠭᠡ ᠶᠢᠨ ᠭᠡᠷ ᠦᠨ ᠬᠢᠨ ᠪᠦᠭᠦᠳᠡ ᠦᠬᠦᠬᠦ ᠪᠣᠯᠣᠨ᠎ᠠ︕》 ᠭᠡᠯ᠎ᠡ᠃ 17 ᠬᠠᠭᠠᠨ ᠳᠡᠷᠭᠡᠳᠡ ᠨᠢ ᠵᠣᠭᠰᠣᠵᠤ ᠪᠠᠢᠭᠰᠠᠨ ᠰᠢᠳᠠᠷ ᠬᠠᠮᠠᠭᠠᠯᠠᠭᠴᠢ ᠨᠠᠷ ᠲᠠᠭᠠᠨ᠄ 《ᠲᠠ ᠨᠠᠷ ᠣᠴᠢᠵᠤ᠂ ᠶᠣᠬᠣᠸᠠ ᠶᠢᠨ ᠲᠠᠬᠢᠯᠴᠢᠳ ᠢ ᠠᠯᠠᠭᠲᠤᠨ᠃ ᠲᠡᠳᠡ ᠳ᠋ᠠᠸᠢᠳ᠋ ᠲᠠᠢ ᠭᠠᠷ ᠨᠡᠢᠯᠡᠵᠦ᠂ ᠮᠥᠨ ᠣᠷᠭᠣᠭᠰᠠᠨ ᠢ ᠨᠢ ᠮᠡᠳᠡᠭᠰᠡᠭᠡᠷ ᠪᠠᠢᠵᠤ ᠨᠠᠳᠠ ᠳᠤ ᠮᠡᠳᠡᠭᠳᠡᠭᠰᠡᠨ ᠦᠭᠡᠢ ᠶᠤᠮ》 ᠭᠡᠪᠡ᠃ ᠭᠡᠪᠡᠴᠦ ᠬᠠᠭᠠᠨ ᠤ ᠵᠠᠷᠤᠴᠠ ᠨᠠᠷ ᠶᠣᠬᠣᠸᠠ ᠶᠢᠨ ᠲᠠᠬᠢᠯᠴᠢᠳ ᠲᠤ ᠭᠠᠷ ᠬᠦᠷᠴᠦ ᠴᠣᠬᠢᠬᠤ ᠶᠢ ᠬᠦᠰᠡᠭᠰᠡᠨ ᠦᠭᠡᠢ᠃ 18 ᠲᠡᠭᠡᠬᠦ ᠳᠦ ᠬᠠᠭᠠᠨ ᠳ᠋ᠣᠶ᠋ᠢᠭ ᠲᠤ᠄ 《ᠴᠢ ᠣᠴᠢᠵᠤ᠂ ᠲᠠᠬᠢᠯᠴᠢᠳ ᠢ ᠴᠣᠬᠢ》 ᠭᠡᠰᠡᠨ ᠳᠦ᠂ ᠡᠳᠣᠮ ᠬᠥᠮᠦᠨ ᠳ᠋ᠣᠶ᠋ᠢᠭ ᠣᠴᠢᠭᠠᠳ᠂ ᠲᠠᠬᠢᠯᠴᠢᠳ ᠢ ᠴᠣᠬᠢᠵᠤ᠂ ᠲᠡᠷᠡ ᠡᠳᠦᠷ ᠮᠠᠭᠠᠯᠢᠩ᠋ᠭᠤᠨ ᠡᠹᠣᠳ ᠵᠡᠭᠦᠭᠰᠡᠨ ᠨᠠᠶᠠᠨ ᠲᠠᠪᠤᠨ ᠬᠥᠮᠦᠨ ᠢ ᠠᠯᠠᠪᠠ᠃ 19 ᠡᠭᠦᠨ ᠦ ᠳᠠᠷᠠᠭ᠎ᠠ ᠲᠡᠷᠡ ᠪᠡᠷ ᠲᠠᠬᠢᠯᠴᠢᠳ ᠤᠨ ᠬᠣᠲᠠ ᠨᠣᠪ ᠢ ᠢᠯᠳᠦᠨ ᠦ ᠢᠷ ᠢᠶᠠᠷ ᠴᠣᠬᠢᠪᠠ᠃ ᠲᠡᠨᠳᠡᠬᠢ ᠶᠢᠨ ᠡᠷᠡᠭᠲᠡᠢ ᠡᠮᠡᠭᠲᠡᠢ᠂ ᠬᠡᠦᠬᠡᠳ ᠨᠢᠯᠬᠠᠰ᠂ ᠮᠥᠨ ᠡᠯᠵᠢᠭᠡ᠂ ᠬᠣᠨᠢ ᠦᠬᠡᠷ ᠢ ᠨᠢ ᠴᠤ ᠢᠯᠳᠦᠨ ᠦ ᠢᠷ ᠢᠶᠠᠷ ᠴᠣᠬᠢᠵᠠᠢ᠃

20 ᠭᠡᠪᠡᠴᠦ ᠠᠾᠢᠮᠧᠯᠧᠺ ᠤᠨ ᠨᠢᠭᠡᠨ ᠬᠥᠪᠡᠭᠦᠨ ᠮᠤᠯᠲᠤᠷᠠᠵᠤ ᠳ᠋ᠠᠸᠢᠳ᠋ ᠤᠨ ᠠᠷᠤ ᠠᠴᠠ ᠣᠷᠭᠣᠨ ᠢᠷᠡᠪᠡ᠃ ᠲᠡᠭᠦᠨ ᠢ ᠠᠪᠢᠶᠠᠲ᠋ᠠᠷ ᠭᠡᠳᠡᠭ᠂ ᠲᠡᠷᠡ ᠨᠢ ᠠᠾᠢᠲ᠋ᠦ᠋ᠪ ᠤᠨ ᠠᠴᠢ ᠪᠢᠯᠡ᠃ 21 ᠰᠠᠦ᠋ᠯ ᠶᠣᠬᠣᠸᠠ ᠶᠢᠨ ᠲᠠᠬᠢᠯᠴᠢᠳ ᠢ ᠬᠥᠨᠥᠭᠡᠭᠰᠡᠨ ᠢ ᠠᠪᠢᠶᠠᠲ᠋ᠠᠷ ᠳ᠋ᠠᠸᠢᠳ᠋ ᠲᠤ ᠳᠤᠭᠤᠯᠭᠠᠭᠰᠠᠨ ᠳᠤ᠂ 22 ᠳ᠋ᠠᠸᠢᠳ᠋ ᠠᠪᠢᠶᠠᠲ᠋ᠠᠷ ᠲᠤ᠄ 《ᠲᠡᠷᠡ ᠡᠳᠦᠷ ᠡᠳᠣᠮ ᠬᠥᠮᠦᠨ ᠳ᠋ᠣᠶ᠋ᠢᠭ ᠢ ᠲᠡᠨᠳᠡ ᠪᠠᠢᠬᠤ ᠪᠠᠷ ᠨᠢ ᠲᠡᠭᠦᠨ ᠢ ᠯᠠᠪ ᠰᠠᠦ᠋ᠯ ᠳᠤ ᠬᠣᠪᠯᠠᠬᠤ ᠪᠠᠢᠬ᠎ᠠ ᠭᠡᠵᠦ ᠪᠢ ᠳᠠᠭᠠᠵᠤ ᠪᠠᠢᠭᠰᠠᠨ ᠶᠤᠮ᠃ ᠴᠢᠨᠦ ᠡᠴᠢᠭᠡ ᠶᠢᠨ ᠪᠦᠬᠦ ᠭᠡᠷ ᠦᠨ ᠠᠮᠢᠨ ᠳᠤ ᠬᠦᠷᠦᠭᠰᠡᠨ ᠪᠤᠷᠤᠭᠤ ᠲᠠᠢ ᠬᠥᠮᠦᠨ ᠨᠢ ᠪᠢ ᠶᠤᠮ ᠡ᠃ 23 ᠨᠠᠳᠠ ᠲᠠᠢ ᠬᠠᠮᠲᠤ ᠪᠠᠢᠭᠲᠤᠨ᠂ ᠪᠦᠦ ᠠᠶᠤ᠃ ᠮᠢᠨᠦ ᠠᠮᠢ ᠶᠢ ᠬᠥᠨᠥᠭᠡᠬᠦ ᠭᠡᠵᠦ ᠪᠤᠢ ᠬᠥᠮᠦᠨ ᠴᠢᠨᠦ ᠠᠮᠢ ᠶᠢ ᠴᠤ ᠬᠥᠨᠥᠭᠡᠬᠦ ᠭᠡᠵᠦ ᠪᠠᠢᠭ᠎ᠠ᠃ ᠨᠠᠳᠠ ᠲᠠᠢ ᠬᠠᠮᠲᠤ ᠪᠠᠢᠪᠠᠯ ᠴᠢᠮ᠎ᠠ ᠳᠤ ᠠᠶᠤᠯ ᠦᠭᠡᠢ ᠪᠠᠢᠬᠤ ᠪᠣᠯᠣᠨ᠎ᠠ》 ᠭᠡᠵᠦ ᠬᠡᠯᠡᠪᠡ᠃