1 2 3 4 5 6 7 8 9 10 11 12 13 14 15 16 17 18 19 20 21 22 23 24 25 26 27 28 29 30 31


ᠨᠢᠭᠡᠳᠦᠭᠡᠷ ᠰᠠᠮᠦ᠋ᠶᠧᠯ ᠬᠣᠷᠢ ᠶᠢᠰᠦ
 ᠹᠢᠯᠢᠰᠲ ᠤᠨ ᠨᠣᠶᠠᠳ ᠳ᠋ᠠᠸᠢᠳ᠋ ᠢ ᠦᠯᠦ ᠢᠲᠡᠭᠡᠪᠡ

1 ᠹᠢᠯᠢᠰᠲ᠋ᠴᠦᠳ ᠪᠦᠬᠦ ᠴᠡᠷᠢᠭ ᠢᠶᠠᠨ ᠠᠹᠧᠺ ᠲᠤ ᠴᠤᠭᠯᠠᠭᠤᠯᠬᠤ ᠳᠤ᠂ ᠢᠰᠷᠧᠯᠴᠦᠳ ᠶᠧᠽᠷᠧᠯ ᠳᠠᠬᠢ ᠪᠤᠯᠠᠭ ᠤᠨ ᠳᠡᠷᠭᠡᠳᠡ ᠬᠤᠸᠠᠷᠠᠩᠨᠠᠪᠠ᠃ 2 ᠹᠢᠯᠢᠰᠲ᠋ᠴᠦᠳ ᠦᠨ ᠨᠣᠶᠠᠳ ᠵᠠᠭᠤᠲᠤ᠂ ᠮᠢᠩ᠋ᠭᠠᠲᠤ ᠪᠠᠷ ᠢᠶᠠᠨ ᠥᠩᠭᠡᠷᠡᠨ ᠶᠠᠪᠤᠬᠤ ᠳᠤ᠂ ᠳ᠋ᠠᠸᠢᠳ᠋ ᠪᠣᠯᠣᠨ ᠲᠡᠭᠦᠨ ᠦ ᠬᠥᠮᠦᠰ ᠴᠤ ᠠᠺᠢᠱ ᠲᠠᠢ ᠬᠠᠮᠲᠤ ᠲᠡᠳᠡᠨ ᠦ ᠠᠷᠤ ᠠᠴᠠ ᠶᠠᠪᠤᠵᠤ ᠪᠠᠢᠯ᠎ᠠ᠃ 3 ᠹᠢᠯᠢᠰᠲ᠋ᠴᠦᠳ ᠦᠨ ᠵᠠᠩᠵᠤᠨ ᠨᠠᠷ᠄ 《ᠡᠳᠡᠭᠡᠷ ᠢᠪᠷᠠᠢᠴᠤᠳ ᠶᠠᠭᠤ ᠬᠢᠵᠦ ᠪᠠᠢᠭ᠎ᠠ ᠶᠤᠮ ᠪᠤᠢ︖》 ᠭᠡᠵᠦ ᠠᠰᠠᠭᠤᠪᠠ᠃ ᠠᠺᠢᠱ ᠹᠢᠯᠢᠰᠲ᠋ᠴᠦᠳ ᠦᠨ ᠵᠠᠩᠵᠤᠨ ᠨᠠᠷ ᠲᠤ᠄ 《ᠡᠨᠡ ᠬᠥᠮᠦᠨ ᠪᠣᠯ ᠢᠰᠷᠧᠯ ᠤᠨ ᠬᠠᠭᠠᠨ ᠰᠠᠦ᠋ᠯ ᠤᠨ ᠵᠠᠷᠤᠴᠠ ᠳ᠋ᠠᠸᠢᠳ᠋ ᠰᠢᠦ᠃ ᠲᠡᠷᠡ ᠣᠷᠴᠢᠮ ᠤᠨ ᠬᠣᠶᠠᠷ ᠵᠢᠯ ᠨᠠᠳᠠ ᠲᠠᠢ ᠬᠠᠮᠲᠤ ᠪᠠᠢᠭᠰᠠᠨ᠂ ᠲᠡᠷᠡ ᠮᠠᠨ ᠤ ᠬᠢᠨ ᠤᠷᠤᠭᠤ ᠢᠷᠡᠭᠰᠡᠨ ᠡᠴᠡ ᠬᠣᠢᠰᠢ ᠣᠳᠣ ᠪᠣᠯᠲᠠᠯ᠎ᠠ ᠪᠢ ᠲᠡᠭᠦᠨ ᠡᠴᠡ ᠶᠠᠮᠠᠷ ᠴᠤ ᠭᠡᠮ ᠪᠤᠷᠤᠭᠤ ᠣᠯᠣᠭ᠎ᠠ ᠦᠭᠡᠢ》 ᠭᠡᠵᠦ ᠬᠡᠯᠡᠭᠰᠡᠨ ᠳᠦ᠂ 4 ᠹᠢᠯᠢᠰᠲ᠋ᠴᠦᠳ ᠦᠨ ᠵᠠᠩᠵᠤᠨ ᠨᠠᠷ ᠠᠺᠢᠱ ᠲᠤ ᠠᠭᠤᠷᠯᠠᠪᠠ᠃ ᠹᠢᠯᠢᠰᠲ᠋ᠴᠦᠳ ᠦᠨ ᠵᠠᠩᠵᠤᠨ ᠨᠠᠷ ᠲᠡᠭᠦᠨ ᠳᠦ᠄ 《ᠡᠨᠡ ᠬᠥᠮᠦᠨ ᠢ ᠪᠤᠴᠠᠭ᠎ᠠ᠂ ᠲᠠᠨ ᠤ ᠰᠠᠭᠤᠷᠢᠰᠢᠭᠤᠯᠤᠭᠰᠠᠨ ᠭᠠᠵᠠᠷ ᠤᠷᠤᠭᠤ ᠨᠢ ᠶᠠᠪᠤᠭᠤᠯ᠃ ᠲᠤᠯᠤᠯᠳᠤᠭᠠᠨ ᠳᠤ ᠲᠡᠳᠡ ᠪᠢᠳᠡᠨ ᠦ ᠳᠠᠢᠰᠤᠨ ᠪᠣᠯᠣᠭᠤᠵᠠᠢ᠃ ᠲᠡᠷᠡ ᠪᠢᠳᠡᠨ ᠲᠡᠢ ᠬᠠᠮᠲᠤ ᠲᠤᠯᠤᠯᠳᠤᠭᠠᠨ ᠳᠤ ᠣᠷᠣᠯᠴᠠᠬᠤ ᠶᠣᠰᠣ ᠦᠭᠡᠢ᠃ ᠡᠨᠡ ᠬᠥᠮᠦᠨ ᠶᠠᠭᠤ ᠪᠠᠷ ᠳᠠᠬᠢᠨ ᠡᠵᠡᠨ ᠦ ᠪᠠᠨ ᠲᠠᠭᠠᠯᠠᠯ ᠢ ᠣᠯᠬᠤ ᠪᠤᠢ︖ ᠮᠠᠨ ᠤ ᠬᠥᠮᠦᠰ ᠦᠨ ᠲᠣᠯᠣᠭᠠᠢ ᠪᠠᠷ ᠪᠢᠰᠢ ᠤᠤ︖ 5 ᠡᠨᠡ ᠴᠢᠨᠢ ᠨᠥᠭᠥᠭᠡ ᠳ᠋ᠠᠸᠢᠳ᠋ ᠭᠡᠭᠴᠢ ᠬᠥᠮᠦᠨ ᠪᠢᠰᠢ ᠤᠤ︖ ᠲᠡᠭᠦᠨ ᠦ ᠲᠤᠬᠠᠢ ᠬᠥᠮᠦᠰ᠄ 〈ᠰᠠᠦ᠋ᠯ ᠮᠢᠩ᠋ᠭ᠎ᠠ ᠮᠢᠩ᠋ᠭ᠎ᠠ ᠶᠢ ᠠᠯᠠᠵᠤ ᠳ᠋ᠠᠸᠢᠳ᠋ ᠲᠦᠮᠡ ᠲᠦᠮᠡ ᠶᠢ ᠠᠯᠠᠪᠠ〉
ᠬᠡᠮᠡᠨ ᠳᠠᠭᠤᠯᠠᠵᠤ ᠪᠠᠢᠳᠠᠭ ᠪᠢᠰᠢ ᠤᠤ︖》 ᠭᠡᠪᠡ᠃

6 ᠠᠺᠢᠱ ᠳ᠋ᠠᠸᠢᠳ᠋ ᠢ ᠳᠠᠭᠤᠳᠠᠨ᠄ 《ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠴᠢ ᠰᠢᠳᠤᠷᠭᠤ ᠦᠨᠡᠨᠴᠢ ᠬᠥᠮᠦᠨ ᠪᠣᠯᠬᠣᠷ ᠨᠠᠳᠠ ᠲᠠᠢ ᠬᠠᠮᠲᠤ ᠴᠡᠷᠢᠭ ᠤᠳᠤᠷᠢᠳᠤᠨ ᠪᠠᠢᠯᠳᠤᠭᠠᠨ ᠳᠤ ᠣᠷᠣᠯᠴᠠᠬᠤ ᠴᠢᠨᠢ ᠨᠠᠳᠠ ᠳᠤ ᠲᠠᠭᠠᠯᠠᠭᠳᠠᠳᠠᠭ᠃ ᠨᠠᠳᠠ ᠤᠷᠤᠭᠤ ᠢᠷᠡᠭᠰᠡᠨ ᠡᠴᠡ ᠴᠢᠨᠢ ᠬᠣᠢᠰᠢ ᠡᠳᠦᠢ ᠬᠦᠷᠲᠡᠯ᠎ᠡ ᠪᠢ ᠴᠢᠮ᠎ᠠ ᠠᠴᠠ ᠶᠠᠮᠠᠷ ᠴᠤ ᠬᠣᠷᠣᠨ ᠮᠠᠭᠤ ᠶᠢ ᠣᠯᠣᠭᠰᠠᠨ ᠦᠭᠡᠢ᠃ ᠬᠠᠷᠢᠨ ᠡᠳᠡᠭᠡᠷ ᠨᠣᠶᠠᠳ ᠲᠤ ᠴᠢ ᠲᠠᠭᠠᠯᠠᠭᠳᠠᠬᠤ ᠦᠭᠡᠢ ᠪᠠᠢᠨ᠎ᠠ᠃ 7 ᠲᠡᠢᠮᠦ ᠤᠴᠢᠷ ᠠᠴᠠ ᠴᠢ ᠹᠢᠯᠢᠰᠲ᠋ᠴᠦᠳ ᠦᠨ ᠨᠣᠶᠠᠳ ᠤᠨ ᠳᠤᠷ᠎ᠠ ᠦᠭᠡᠶᠢᠴᠡᠯ ᠢ ᠬᠦᠷᠭᠡᠬᠦ ᠬᠡᠷᠡᠭ ᠦᠭᠡᠢ᠃ ᠠᠮᠤᠷ ᠲᠠᠢᠪᠤᠩ ᠪᠤᠴᠠᠭᠠᠷᠠᠢ》 ᠭᠡᠵᠦ ᠬᠡᠯᠡᠪᠡ᠃ 8 ᠳ᠋ᠠᠸᠢᠳ᠋ ᠠᠺᠢᠱ ᠲᠤ᠄ 《ᠭᠡᠪᠡᠴᠦ ᠪᠢ ᠶᠠᠭᠤ ᠦᠢᠯᠡᠳᠦᠭᠰᠡᠨ ᠶᠤᠮ ᠪᠤᠢ︖ ᠡᠳᠦᠢ ᠬᠦᠷᠲᠡᠯ᠎ᠡ ᠲᠠᠨ ᠲᠠᠢ ᠬᠠᠮᠲᠤ ᠪᠠᠢᠬᠤ ᠳᠤ ᠮᠢᠨᠢ ᠲᠠ ᠵᠠᠷᠤᠴᠠ ᠶᠢᠨ ᠢᠶᠠᠨ ᠶᠠᠭᠤ ᠶᠢ ᠣᠯᠵᠤ ᠦᠵᠡᠭᠡᠳ ᠨᠠᠮᠠᠶᠢ ᠡᠵᠡᠨ ᠬᠠᠭᠠᠨ ᠤ ᠳᠠᠢᠰᠤᠨ ᠨᠤᠭᠤᠳ ᠲᠠᠢ ᠲᠤᠯᠤᠯᠳᠤᠭᠤᠯᠬᠤ ᠪᠠᠷ ᠶᠠᠪᠤᠭᠤᠯᠬᠤ ᠦᠭᠡᠢ ᠶᠤᠮ ᠪᠤᠢ︖》 ᠭᠡᠪᠡ᠃ 9 ᠠᠺᠢᠱ ᠬᠠᠷᠢᠭᠤ ᠳᠤᠨᠢ᠄ 《ᠴᠢ ᠪᠤᠷᠬᠠᠨ ᠤ ᠲᠩᠷᠢ ᠡᠯᠴᠢ ᠠᠳᠠᠯᠢ ᠨᠠᠳᠠ ᠳᠤ ᠲᠠᠭᠠᠯᠠᠭᠳᠠᠳᠠᠭ᠂ ᠪᠢ ᠴᠤ ᠮᠡᠳᠡᠵᠦ ᠪᠠᠢᠨ᠎ᠠ᠃ ᠬᠠᠷᠢᠨ ᠹᠢᠯᠢᠰᠲ᠋ᠴᠦᠳ ᠦᠨ ᠨᠣᠶᠠᠳ᠄ 〈ᠲᠡᠷᠡ ᠪᠢᠳᠡᠨ ᠲᠡᠢ ᠬᠠᠮᠲᠤ ᠲᠤᠯᠤᠯᠳᠤᠭᠠᠨ ᠳᠤ ᠣᠷᠣᠯᠴᠠᠵᠤ ᠪᠣᠯᠬᠤ ᠦᠭᠡᠢ〉 ᠭᠡᠵᠦ ᠬᠡᠯᠡᠭᠰᠡᠨ ᠪᠢᠯᠡ᠃ 10 ᠡᠢᠮᠦ ᠡᠴᠡ ᠴᠢ ᠬᠠᠮᠲᠤ ᠢᠷᠡᠭᠰᠡᠨ ᠡᠵᠡᠨ ᠦ ᠪᠠᠨ ᠵᠠᠷᠤᠴᠠ ᠲᠠᠢ ᠬᠠᠮᠲᠤ ᠮᠠᠷᠭᠠᠰᠢ ᠥᠷᠯᠥᠭᠡ ᠡᠷᠲᠡᠯᠡᠨ ᠪᠣᠰ᠂ ᠦᠷ ᠴᠠᠢᠬᠤ ᠦᠶ᠎ᠡ ᠪᠡᠷ ᠡ᠊ᠨᠳᠡ ᠡᠴᠡ ᠪᠤᠴᠠᠭᠠᠷᠠᠢ》 ᠭᠡᠵᠦ ᠬᠡᠯᠡᠪᠡ᠃ 11 ᠡᠢᠨ ᠬᠦ ᠳ᠋ᠠᠸᠢᠳ᠋ ᠪᠣᠯᠣᠨ ᠲᠡᠭᠦᠨ ᠦ ᠬᠥᠮᠦᠰ ᠥᠷᠯᠥᠭᠡ ᠡᠷᠲᠡ ᠪᠣᠰᠣᠭᠠᠳ ᠹᠢᠯᠢᠰᠲ᠋ᠴᠦᠳ ᠦᠨ ᠨᠤᠲᠤᠭ ᠤᠷᠤᠭᠤ ᠪᠤᠴᠠᠵᠤ᠂ ᠹᠢᠯᠢᠰᠲ᠋ᠴᠦᠳ ᠶᠧᠽᠷᠧᠯ ᠤᠷᠤᠭᠤ ᠶᠠᠪᠤᠯ᠎ᠠ᠃